ᠬᠤᠯᠪᠤᠬᠤ ᠦᠭᠡ
ᠨᠡᠶᠢᠲᠡᠯᠡᠭᠰᠡᠨ ᠴᠠᠭ᠄
2017/9/29
   ᠦᠭᠡ ᠶᠢ ᠬᠤᠯᠪᠤᠬᠤ ᠪᠤᠶᠤ ᠦᠭᠦᠯᠡᠪᠦᠷᠢ ᠶᠢ ᠬᠤᠯᠪᠤᠵᠤ᠂ ᠬᠤᠭᠤᠷᠤᠨᠳᠦᠬᠢ ᠬᠠᠷᠢᠴᠠᠭ᠎ᠠ ᠶᠢ ᠨᠢ ᠢᠯᠡᠳᠭᠡᠳᠡᠭ ᠦᠭᠡ ᠶᠢ ᠬᠤᠯᠪᠤᠬᠤ ᠦᠭᠡ ᠭᠡᠨ᠎ᠡ᠃    ᠬᠤᠯᠪᠤᠬᠤ ᠦᠭᠡ ᠶᠢᠨ ᠤᠨᠴᠠᠯᠢᠭ᠄    1. ᠪᠤᠳᠠᠳᠤ ᠤᠳᠬ᠎ᠠ ᠦᠭᠡᠢ︔    2. ᠦᠭᠡ ᠪᠤᠶᠤ ᠦᠭᠦᠯᠡᠪᠦᠷᠢ ᠶᠢ ᠬᠤᠭᠤᠷᠤᠨᠳᠤ ᠨᠢ ᠬᠤᠯᠪᠤᠳᠠᠭ᠂ ᠦᠭᠡ ᠵᠦᠢ ᠶᠢᠨ ᠬᠤᠪᠢᠯᠤᠯ ᠦᠭᠡᠢ︔    3. ᠦᠭᠦᠯᠡᠪᠦᠷᠢ ᠶᠢᠨ ᠭᠡᠰᠢᠭᠦᠨ ᠪᠤᠯᠬᠤ ᠦᠭᠡᠢ ᠤᠨᠴᠠᠯᠢᠭ ᠲᠠᠢ᠃   ᠬᠤᠯᠪᠤᠬᠤ ᠦᠭᠡ ᠶᠢᠨ ᠲᠦᠷᠦᠯ ᠵᠦᠢᠯ    1. ᠵᠡᠷᠭᠡᠴᠡᠭᠦᠯᠦᠨ ᠬᠤᠯᠪᠤᠬᠤ ᠦᠭᠡ᠄ ᠪᠠ᠂ ᠬᠢᠭᠡᠳ᠂ ᠪᠤᠯᠤᠨ᠂ ᠪᠤᠯᠤᠭᠠᠳ᠂ ᠪᠦᠭᠡᠳ᠂ ᠵᠢᠴᠢ    2. ᠰᠤᠩᠭᠤᠨ ᠬᠤᠯᠪᠤᠬᠤ ᠦᠭᠡ᠄ ᠪᠤᠶᠤ᠂ ᠡᠰᠡᠪᠡᠯ᠂ ᠡᠰᠡᠭᠦᠯ᠎ᠡ᠂ ᠡᠰᠡᠪᠡᠰᠦ᠂ ᠨᠢᠭᠡ ᠪᠤᠯ᠂ ᠦᠭᠡᠢ ᠪᠤᠯ    3. ᠠᠬᠢᠭᠤᠯᠤᠨ ᠬᠤᠯᠪᠤᠬᠤ ᠦᠭᠡ᠄ ᠪᠠᠷᠠᠬᠤ ᠦᠭᠡᠢ᠂ ᠪᠠᠶᠢᠳᠤᠭᠠᠢ᠂ ᠬᠠᠷᠢᠨ᠂ ᠦᠯᠦ ᠪᠠᠷᠠᠨ    4. ᠡᠷᠭᠢᠭᠦᠯᠦᠨ ᠬᠤᠯᠪᠤᠬᠤ ᠦᠭᠡ᠄ ᠭᠡᠳᠡᠯ᠎ᠡ᠂ ᠭᠡᠪᠡᠴᠦ᠂ ᠬᠡᠳᠦ᠋ᠢᠪᠡᠷ᠂ ᠬᠠᠷᠢᠨ᠂ ᠮᠦᠷᠳᠡᠭᠡᠨ    5. ᠪᠤᠯᠵᠤᠨ ᠬᠤᠯᠪᠤᠬᠤ ᠦᠭᠡ᠄ ᠬᠡᠷᠪᠡ᠂ ᠭᠡᠪᠡᠯ᠂ ᠭᠠᠭᠴᠠ ᠬᠦ ᠁ ‍ᠮᠠᠨᠵᠢᠨ᠂ ᠁ ᠯᠡ ᠶᠤᠮ ᠪᠤᠯ    6. ᠨᠦᠬᠦᠴᠡᠯ ᠰᠢᠯᠳᠠᠭᠠᠨ ᠤ ᠬᠤᠯᠪᠤᠬᠤ ᠦᠭᠡ᠄ ᠡᠶᠢᠮᠦ ᠠᠴᠠ᠂ ᠲᠡᠶᠢᠮᠦ ᠠᠴᠠ᠂ ᠡᠶᠢᠮᠦ ᠪᠤᠯᠬᠤᠷ᠂ ᠲᠡᠶᠢᠮᠦ ᠪᠤᠯᠬᠤᠷ᠂ ᠡᠶᠢᠨ ᠬᠦ᠂ ᠲᠡᠶᠢᠨ ᠬᠦ᠂ ᠤᠴᠢᠷ ᠨᠢ  7. ᠡᠰᠡᠷᠭᠦᠴᠡᠭᠦᠯᠦᠨ ᠬᠠᠷᠰᠢᠯᠳᠤᠭᠤᠯᠤᠨ ᠬᠤᠯᠪᠤᠬᠤ ᠦᠭᠡ᠄ ᠁ ᠪᠢᠰᠢ᠂ ᠁ ᠠᠴᠠ ᠪᠢᠰᠢ᠂ ᠁ ᠪᠤᠰᠤ᠂ ᠁ ᠠᠴᠠ ᠪᠤᠰᠤ᠂ ᠁ ‍ᠭᠰᠠᠨ ᠳᠤ ᠤᠷᠤᠪᠠᠯ ᠁ ‍ᠭᠰᠠᠨ ᠨᠢ ᠲᠡᠭᠡᠷ᠎ᠡ᠂ ᠁ ᠶᠢ ᠪᠤᠳᠤᠪᠠᠯ ᠁ ᠲᠡᠭᠡᠷ᠎ᠡ᠂ ᠁ ‍ᠬᠤ ᠪᠠᠷ ᠢᠶᠠᠨ ᠁ ‍ᠬᠤ ᠨᠢ ᠲᠡᠭᠡᠷ᠎ᠡ
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1