ᠲᠠᠶᠢᠪᠤᠷᠢ ᠦᠭᠡ
ᠨᠡᠶᠢᠲᠡᠯᠡᠭᠰᠡᠨ ᠴᠠᠭ᠄
2017/9/29
       ᠦᠢᠯᠡ ᠬᠦᠳᠡᠯᠭᠡᠭᠡᠨ ᠤ ᠤᠷᠤᠨ᠂ ᠴᠠᠭ᠂ ᠪᠠᠶᠢᠳᠠᠯ᠂ ᠲᠠᠭᠤ ᠴᠢᠮᠡᠭᠡ᠂ ᠬᠢᠷᠢ ᠬᠡᠮᠵᠢᠶ᠎ᠡ ᠬᠢᠭᠡᠳ ᠬᠡᠷᠡᠭ ᠶᠠᠭᠤᠮ᠎ᠠ ᠶᠢᠨ ᠬᠢᠷᠢ ᠬᠡᠮᠵᠢᠶ᠎ᠡ ᠶᠢ ᠵᠢᠭᠠᠭᠰᠠᠨ ᠦᠭᠡ ᠶᠢ ᠲᠠᠶᠢᠪᠤᠷᠢ ᠦᠭᠡ ᠭᠡᠨ᠎ᠡ᠃ ᠲᠠᠶᠢᠪᠤᠷᠢ ᠦᠭᠡ ᠨᠢ ︽ᠬᠢᠷᠢ ᠵᠡᠷᠭᠡ︖ ᠶᠠᠭᠠᠬᠢᠵᠤ︖ ᠬᠠᠮᠢᠭ᠎ᠠ︖ ᠬᠡᠵᠢᠶ᠎ᠡ︖ ᠬᠠᠮᠢᠭᠠᠭᠤᠷ︖ ᠬᠠᠮᠢᠭᠠᠰᠢ︖ ᠬᠠᠮᠢᠭ᠎ᠠ ᠠᠴᠠ︖ ᠬᠡᠵᠢᠶ᠎ᠡ ᠠᠴᠠ︖ ᠠᠯᠢ ᠬᠢᠷᠢ︖︾ ᠭᠡᠬᠦ ᠵᠡᠷᠭᠡ ᠠᠰᠠᠭᠤᠯᠳᠠ ᠳᠤ ᠬᠠᠷᠢᠭᠤᠯᠤᠭᠳᠠᠨ᠎ᠠ᠃      ᠲᠠᠶᠢᠪᠤᠷᠢ ᠦᠭᠡ ᠶᠢᠨ ᠲᠦᠷᠦᠯ ᠵᠦᠢᠯ᠄     1. ᠤᠷᠤᠨ ᠤ ᠲᠠᠶᠢᠪᠤᠷᠢ ᠦᠭᠡ ᠤᠷᠤᠨ ᠤ ᠲᠠᠶᠢᠪᠤᠷᠢ ᠦᠭᠡ ᠦᠢᠯᠡ ᠬᠦᠳᠡᠯᠭᠡᠭᠡᠨ ᠤ ᠤᠷᠤᠨ ᠪᠠᠶᠢᠷᠢ ᠶᠢ ᠵᠢᠭᠠᠨ᠎ᠠ᠃ ᠵᠢᠱᠢᠶᠡᠯᠡᠪᠡᠯ᠄ ᠲᠡᠭᠡᠷ᠎ᠡ᠂ ᠭᠠᠳᠠᠭᠠᠳᠤ᠂ ᠲᠤᠤᠷᠠᠳᠤ᠂ ᠲᠡᠷᠭᠡᠳᠡ᠂ ᠡᠮᠦᠨ᠎ᠡ᠂ ᠨᠠᠭᠠᠨ᠎ᠠ᠂ ᠨᠠᠭᠠᠰᠢ᠂ ᠲᠡᠭᠡᠭᠰᠢ᠂ ᠵᠡᠭᠦᠨᠰᠢ᠂ ᠲᠤᠤᠭᠤᠷ᠂ ᠲᠤᠮᠳᠠᠭᠤᠷ ᠭᠡᠬᠦ ᠮᠡᠳᠦ᠃      2. ᠴᠠᠭ ᠤᠨ ᠲᠠᠶᠢᠪᠤᠷᠢ ᠦᠭᠡ ᠴᠠᠭ ᠤᠨ ᠲᠠᠶᠢᠪᠤᠷᠢ ᠦᠭᠡ ᠦᠢᠯᠡ ᠬᠦᠳᠡᠯᠭᠡᠭᠡᠨ ᠤ ᠴᠠᠭ ᠭᠤᠭᠤᠴᠠᠭ᠎ᠠ ᠶᠢ ᠵᠢᠭᠠᠨ᠎ᠠ᠃ ᠵᠢᠱᠢᠶᠡᠯᠡᠪᠡᠯ᠄ ᠦᠷᠬᠦᠯᠵᠢ᠂ ᠢᠮᠠᠭᠳᠠ᠂ ᠠᠰᠢᠳᠠ᠂ ᠦᠨᠢ᠂ ᠬᠡᠳᠦ᠋ᠢᠨᠡᠢ᠂ ᠰᠠᠶ᠋ᠢᠬᠠᠨ᠂ ᠤᠳᠤ᠂ ᠲᠠᠷᠤᠢ ᠂ ᠠᠭᠱᠠᠨ ᠵᠠᠭᠤᠷ᠎ᠠ᠂ ᠰᠡᠭᠦᠯ ᠳᠤ᠂ ᠦᠳᠳᠦᠷ᠂ ᠭᠡᠨᠡᠳᠳᠡ ᠭᠡᠬᠦ ᠮᠡᠳᠦ᠃      3. ᠪᠠᠶᠢᠳᠠᠯ ᠤᠨ ᠲᠠᠶᠢᠪᠤᠷᠢ ᠦᠭᠡ ᠪᠠᠶᠢᠳᠠᠯ ᠤᠨ ᠲᠠᠶᠢᠪᠤᠷᠢ ᠦᠭᠡ ᠨᠢ ᠦᠢᠯᠡ ᠬᠦᠳᠡᠯᠭᠡᠭᠡᠨ ᠤ ᠪᠠᠶᠢᠳᠠᠯ ᠢ ᠵᠢᠭᠠᠨ᠎ᠠ᠃ ᠵᠢᠱᠢᠶᠡᠯᠡᠪᠡᠯ᠄ ᠪᠠᠯᠪᠠ᠂ ᠬᠡᠭᠵᠡ᠂ ᠮᠦᠯᠳᠦ᠂ ᠨᠡᠪᠳᠡ᠂ ᠲᠠᠰᠤ᠂ ᠴᠦᠮᠦ᠂ ᠯᠠᠪᠳᠠᠩ᠂ ᠭᠡᠳᠡᠩ᠂ ᠲᠠᠳᠠᠪ ᠶᠠᠳᠠᠪ᠂ ᠲᠤᠯᠠᠰ ᠲᠤᠯᠠᠰ ᠭᠡᠬᠦ ᠮᠡᠳᠦ᠃      4. ᠲᠠᠭᠤ ᠴᠢᠮᠡᠭᠡᠨ ᠤ ᠲᠠᠶᠢᠪᠤᠷᠢ ᠦᠭᠡ ᠲᠠᠭᠤ ᠴᠢᠮᠡᠭᠡᠨ ᠤ ᠲᠠᠶᠢᠪᠤᠷᠢ ᠦᠭᠡ ᠨᠢ ᠦᠢᠯᠡ ᠬᠦᠳᠡᠯᠭᠡᠭᠡᠨ ᠤ ᠲᠠᠭᠤ ᠴᠢᠮᠡᠭᠡ ᠶᠢ ᠵᠢᠭᠠᠨ᠎ᠠ᠃ ᠵᠢᠱᠢᠶᠡᠯᠡᠪᠡᠯ᠄ ᠭᠤᠷ ᠭᠤᠷ᠂ ᠰᠢᠪᠡᠷ ᠰᠢᠪᠡᠷ᠂ ᠲᠦᠷ ᠲᠠᠷ᠂ ᠲᠢᠩ ᠲᠠᠩ᠂ ᠭᠠᠩᠭᠠᠷ ᠭᠤᠩᠭᠤᠷ ᠭᠡᠬᠦ ᠮᠡᠳᠦ᠃      5. ᠬᠢᠷᠢ ᠬᠡᠮᠵᠢᠶᠡᠨ ᠤ ᠲᠠᠶᠢᠪᠤᠷᠢ ᠦᠭᠡ ᠬᠢᠷᠢ ᠬᠡᠮᠵᠢᠶᠡᠨ ᠲᠠᠶᠢᠪᠤᠷᠢ ᠦᠭᠡ ᠨᠢ ᠦᠢᠯᠡ ᠬᠦᠳᠡᠯᠭᠡᠭᠡᠨ ᠬᠢᠭᠡᠳ ᠬᠡᠷᠡᠭ ᠶᠠᠭᠤᠮ᠎ᠠ ᠶᠢᠨ ᠬᠢᠷᠢ ᠬᠡᠮᠵᠢᠶ᠎ᠡ ᠶᠢ ᠵᠢᠭᠠᠨ᠎ᠠ᠃ ᠵᠢᠱᠢᠶᠡᠯᠡᠪᠡᠯ᠄ ᠶᠡᠬᠡᠳᠡ᠂ ᠨᠡᠯᠢᠶᠡᠳ᠂ ᠬᠠᠯᠳᠤ᠂ ᠡᠰᠡᠯ᠎ᠡ᠂ ᠯᠠᠪ᠂ ᠡᠷᠬᠡᠪᠰᠢ᠂ ᠤᠭᠳᠤ᠂ ᠰᠠᠶᠢᠳᠤᠷ᠂ ᠶᠠᠭ᠂ ᠪᠠᠷᠤᠭ᠂ ᠲᠡᠮᠡᠢ᠂ ᠠᠷᠠᠢ ᠴᠢᠷᠠᠢ᠂ ᠵᠦᠪᠬᠡᠨ᠂ ᠨᠢᠭᠡᠮᠦᠰᠦᠨ᠂ ᠭᠤᠴᠤ᠂ ᠲᠠᠩᠴᠢ᠂ ᠲᠡᠩᠳᠡᠭᠦᠦ᠂ ᠡᠷᠡᠰ ᠭᠡᠬᠦ ᠮᠡᠳᠦ᠃      ᠲᠠᠶᠢᠪᠤᠷᠢ ᠦᠭᠡ ᠶᠢᠨ ᠤᠨᠴᠠᠯᠢᠭ ᠲᠠᠶᠢᠪᠤᠷᠢ ᠦᠭᠡ ᠨᠢ ᠦᠭᠡ ᠵᠦᠢ ᠶᠢᠨ ᠲᠠᠯ᠎ᠠ ᠪᠠᠷ ᠵᠠᠷᠢᠮᠳᠤᠭ ᠬᠤᠪᠢᠯᠳᠠᠭ ᠃ ᠵᠢᠱᠢᠶᠡᠯᠡᠪᠡᠯ᠄ ᠦᠷᠬᠦᠯᠵᠢ ᠶᠢᠨ᠂ ᠮᠠᠷᠭᠠᠰᠢ ᠠᠴᠠ᠂ ᠰᠠᠶᠢᠨ +᠎ ᠳᠤᠷ — ᠰᠠᠶᠢᠳᠤᠷ᠂ ᠬᠤᠶᠢᠰᠢ + ᠳ᠋ᠠ — ᠬᠤᠶᠢᠰᠢᠳᠠ ︵ᠢᠵᠠᠭᠤᠷ ᠨᠢ ᠬᠤᠶᠢ᠊ ᠭᠡᠬᠦ ᠮᠦᠬᠦᠭᠰᠡᠨ ᠢᠵᠠᠭᠤᠷ ᠪᠤᠯᠤᠨ᠎ᠠ︶ ᠭᠡᠵᠤ ᠬᠤᠪᠢᠯᠵᠤ ᠪᠠᠶᠢᠬᠤ ᠳᠤ᠂ ︽ᠯᠤᠳᠤ᠂ ᠵᠠᠪᠠᠯ᠂ ᠲᠤᠩ︾ ᠭᠡᠬᠦ ᠵᠡᠷᠭᠡ ᠲᠠᠶᠢᠪᠤᠷᠢ ᠦᠭᠡ ᠨᠢ ᠲᠠᠭᠠᠪᠤᠷᠢ ᠠᠪᠴᠤ ᠬᠤᠪᠢᠯᠵᠤ ᠲᠡᠶᠢᠯᠳᠡᠭ ᠦᠭᠡᠢ᠃ ᠲᠠᠶᠢᠪᠤᠷᠢ ᠦᠭᠡ ᠦᠭᠦᠯᠡᠪᠦᠷᠢ ᠳᠤ ᠭᠤᠤᠯᠳᠠᠭᠤ ᠪᠠᠶᠢᠴᠠ ᠭᠡᠰᠢᠭᠦᠨ ᠪᠤᠯᠳᠠᠭ᠃ ᠲᠠᠶᠢᠪᠤᠷᠢ ᠦᠭᠡ ᠶᠢᠨ ᠪᠦᠳᠦᠴᠡ᠄ ᠲᠠᠶᠢᠪᠤᠷᠢ ᠦᠭᠡ ᠶᠢ ᠪᠦᠳᠦᠴᠡ ᠪᠠᠷ ᠨᠢ ᠦᠨᠳᠦᠰᠦᠨ ᠲᠠᠶᠢᠪᠤᠷᠢ ᠦᠭᠡ᠂ ᠡᠭᠦᠰᠦᠮᠡᠯ ᠲᠠᠶᠢᠪᠤᠷᠢ ᠦᠭᠡ ᠭᠡᠵᠤ ᠬᠤᠪᠢᠶᠠᠳᠠᠭ᠃ ᠦᠨᠳᠦᠰᠦᠨ ᠲᠠᠶᠢᠪᠤᠷᠢ ᠦᠭᠡ — ᠦᠭᠡ ᠶᠢᠨ ᠢᠵᠠᠭᠤᠷ ᠢᠶᠠᠷ ᠢᠶᠠᠨ ᠪᠠᠶᠢᠭ᠎ᠠ ᠲᠠᠶᠢᠪᠤᠷᠢ ᠦᠭᠡ ᠶᠢ ᠬᠡᠯᠡᠨ᠎ᠡ᠃ ᠵᠢᠱᠢᠶᠡᠯᠡᠪᠡᠯ᠄ ᠴᠡᠯ᠂ ᠮᠠᠰᠢ᠂ ᠲᠤᠩ ᠭᠡᠬᠦ ᠮᠡᠳᠦ᠃ ᠡᠭᠦᠰᠦᠮᠡᠯ ᠲᠠᠶᠢᠪᠤᠷᠢ ᠦᠭᠡ — ᠲᠠᠭᠠᠪᠤᠷᠢ ᠵᠠᠯᠭᠠᠬᠤ ᠪᠤᠶᠤ ᠦᠭᠡ ᠬᠤᠯᠪᠤᠬᠤ ᠠᠷᠭ᠎ᠠ ᠪᠠᠷ ᠡᠭᠦᠰᠭᠡᠨ᠎ᠡ᠃ ᠵᠢᠱᠢᠶᠡᠯᠡᠪᠡᠯ᠄ ᠵᠡᠭᠦᠨ + ᠰᠢ — ᠵᠡᠭᠦᠨᠰᠢ᠂ ᠲᠤᠭᠤ᠋ + ᠰᠢ — ᠲᠤᠭᠤᠭᠰᠢ᠂ ᠪᠠᠶᠢ᠊ + ᠩᠭᠤ — ᠪᠠᠶᠢᠩᠭᠤ᠂ ᠦᠨᠢ ᠡᠭᠦᠷᠢᠳᠡ᠂ ᠬᠠᠰᠢ ᠶᠠᠰᠢ ᠭᠡᠬᠦ ᠮᠡᠳᠦ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1