ᠰᠤᠯᠠ ᠦᠭᠡ
ᠨᠡᠶᠢᠲᠡᠯᠡᠭᠰᠡᠨ ᠴᠠᠭ᠄
2017/9/29
      ᠦᠭᠡᠰ ᠤᠨ ᠰᠠᠩ ᠤᠨ ᠪᠤᠳᠠᠳᠤ ᠤᠳᠬ᠎ᠠ ᠦᠭᠡᠢ᠂ ᠦᠭᠦᠯᠡᠪᠦᠷᠢ ᠪᠤᠶᠤ ᠦᠭᠦᠯᠡᠪᠦᠷᠢ ᠶᠢᠨ ᠲᠤᠳᠤᠷᠠᠬᠢ ᠶᠠᠮᠠᠷ ᠨᠢᠭᠡᠨ ᠭᠡᠰᠢᠭᠦᠨ ᠳᠤ ᠨᠡᠮᠡᠯᠳᠡ ᠤᠳᠬ᠎ᠠ ᠤᠷᠤᠭᠤᠯᠬᠤ ᠦᠭᠡᠰ ᠢ ᠰᠤᠯᠠ ᠦᠭᠡ ᠭᠡᠨ᠎ᠡ᠃     ᠰᠤᠯᠠ ᠦᠭᠡ ᠶᠢᠨ ᠤᠨᠴᠠᠯᠢᠭ᠄     1. ᠦᠭᠡ ᠵᠦᠢ ᠶᠢᠨ ᠬᠤᠪᠢᠯᠤᠯ ᠢᠶᠠᠷ ᠬᠤᠪᠢᠯᠳᠠᠭ ᠦᠭᠡᠢ︔    2. ᠦᠭᠦᠯᠡᠪᠦᠷᠢ ᠳᠤ ᠪᠡᠶ᠎ᠡ ᠪᠠᠨ ᠲᠠᠭᠠᠭᠠᠭᠰᠠᠨ ᠭᠡᠰᠢᠭᠦᠨ ᠪᠤᠯᠵᠤ ᠴᠢᠳᠠᠬᠤ ᠦᠭᠡᠢ᠂ ᠠᠯᠢ ᠭᠡᠰᠢᠭᠦᠨ ᠳᠤ ᠨᠡᠮᠡᠯᠳᠡ ᠤᠳᠬ᠎ᠠ ᠤᠷᠤᠭᠤᠯᠤᠭᠰᠠᠨ ᠪᠤᠯ ᠲᠡᠷᠡ ᠭᠡᠰᠢᠭᠦᠨ ᠲᠠᠢ ᠪᠠᠨ ᠨᠢᠭᠡ ᠭᠡᠰᠢᠭᠦᠨ ᠪᠤᠯᠤᠨ᠎ᠠ᠃ ᠵᠢᠱᠢᠶᠡᠯᠡᠪᠡᠯ᠄ ᠰᠤᠷᠤᠭᠴᠢᠳ ᠰᠢᠯᠭᠠᠯᠳᠠ ᠳᠤ ᠭᠡᠮ ᠬᠢᠵᠤ ᠪᠤᠯᠬᠤ ᠦᠭᠡᠢ ᠰᠢᠤ᠂ ᠰᠤᠯᠠ ᠦᠭᠡ ᠶᠢ ᠯᠡ ᠵᠦᠪ ᠬᠡᠷᠡᠭᠯᠡᠬᠦ ᠶᠢ ᠠᠩᠬᠠᠷ ᠡ ᠭᠡᠬᠦ ᠮᠡᠳᠦ᠃      ᠰᠤᠯᠠ ᠦᠭᠡ ᠶᠢᠨ ᠲᠦᠷᠦᠯ ᠵᠦᠢᠯ᠄     1. ᠠᠰᠠᠭᠤᠬᠤ ᠰᠤᠯᠠ ᠦᠭᠡ᠄ ᠪᠤᠢ᠂ ᠤᠤ᠂ ᠪᠠ ︵ᠶᠠᠷᠢᠶᠠᠨ ᠤ ᠬᠡᠯᠡᠨ ᠳᠤ ᠤᠯᠠᠨ ᠲᠤᠬᠢᠶᠠᠯᠳᠤᠨ᠎ᠠ︶     2. ᠪᠠᠳᠤᠯᠠᠬᠤ ᠰᠤᠯᠠ ᠦᠭᠡ᠄ ᠮᠦᠨ᠂ ᠪᠢᠯᠡ᠂ ᠳ᠋ᠠ᠂ ᠶᠤᠮ᠂ ᠰᠢᠤ᠂ ᠶᠤᠮᠰᠠᠨ     3. ᠬᠦᠴᠦ ᠨᠡᠮᠡᠭᠳᠡᠭᠦᠯᠬᠦ ᠰᠤᠯᠠ ᠦᠭᠡ᠄ ᠬᠦ᠂ ᠴᠦ᠂ ᠯᠡ᠂ ᠡ     4. ᠦᠭᠡᠶᠢᠰᠭᠡᠬᠦ ᠰᠤᠯᠠ ᠦᠭᠡ᠄ ᠦᠯᠦ᠂ ᠡᠰᠡ᠂ ᠦᠭᠡᠢ᠂ ᠪᠢᠰᠢ     5. ᠬᠤᠷᠢᠭᠯᠠᠬᠤ ᠰᠤᠯᠠ ᠦᠭᠡ᠄ ᠪᠤᠤ᠂ ᠪᠢᠳᠡᠬᠡᠢ     6. ᠲᠠᠬᠢᠬᠤ ᠰᠤᠯᠠ ᠦᠭᠡ᠄ ᠪᠠᠰᠠ      7. ᠲᠠᠭᠤᠳᠠᠬᠤ ᠰᠤᠯᠠ ᠦᠭᠡ᠄ ᠡ       8. ᠲᠤᠰᠢᠶᠠᠬᠤ ᠰᠤᠯᠠ ᠦᠭᠡ᠄ ᠮᠠ      9. ᠵᠦᠪᠰᠢᠶᠡᠷᠡᠬᠦ ᠰᠤᠯᠠ ᠦᠭᠡ᠄ ᠵᠠ      10. ᠲᠦᠰᠦᠭᠡᠯᠡᠬᠦ ᠰᠤᠯᠠ ᠦᠭᠡ᠄ ᠪᠢᠵᠠ
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1