ᠲᠠᠭᠠᠪᠤᠷᠢ ᠦᠭᠡ
ᠨᠡᠶᠢᠲᠡᠯᠡᠭᠰᠡᠨ ᠴᠠᠭ᠄
2017/9/29
     ᠦᠭᠡᠰ ᠤᠨ ᠰᠠᠩ ᠤᠨ ᠪᠤᠳᠠᠳᠤ ᠤᠳᠬ᠎ᠠ ᠦᠭᠡᠢ᠂ ᠦᠭᠦᠯᠡᠪᠦᠷᠢ ᠳᠤ ᠪᠡᠶ᠎ᠡ ᠪᠠᠨ ᠲᠠᠭᠠᠭᠠᠭᠰᠠᠨ ᠭᠡᠰᠢᠭᠦᠨ ᠪᠤᠯᠵᠤ ᠴᠢᠳᠠᠬᠤ ᠦᠭᠡᠢ᠂ ᠵᠦᠪᠬᠡᠨ ᠦᠭᠡᠰ ᠦᠭᠡᠰ ᠤᠨ ᠬᠤᠭᠤᠷᠤᠳᠤᠬᠢ ᠬᠠᠷᠢᠴᠠᠭ᠎ᠠ ᠶᠢ ᠢᠯᠡᠳᠭᠡᠳᠡᠭ ᠦᠭᠡ ᠶᠢ ᠲᠠᠭᠠᠪᠤᠷᠢ ᠦᠭᠡ ᠭᠡᠨ᠎ᠡ᠃ ᠵᠢᠱᠢᠶᠡᠯᠡᠪᠡᠯ᠄ ᠮᠤᠳᠤᠨ ᠤ ᠠᠷᠤ ᠳᠤ ᠨᠢᠭᠤᠭᠳᠠᠪᠠ᠂ ᠮᠠᠷᠭᠠᠰᠢ ᠪᠤᠯᠤᠭᠰᠠᠨ ᠤ ᠬᠤᠶᠢᠨ᠎ᠠ ᠮᠡᠳᠡᠶ᠎ᠡ ᠭᠡᠬᠦ ᠦᠭᠦᠯᠡᠪᠦᠷᠢ ᠶᠢᠨ ︽ᠠᠷᠤ᠂ ᠬᠤᠶᠢᠨ᠎ᠠ︾ ᠭᠡᠳᠡᠭ ᠦᠭᠡ ᠪᠤᠯ ᠲᠠᠭᠠᠪᠤᠷᠢ ᠦᠭᠡ ᠮᠦᠨ᠃      ᠲᠠᠭᠠᠪᠤᠷᠢ ᠦᠭᠡ ᠶᠢᠨ ᠲᠦᠷᠦᠯ ᠵᠦᠢᠯ ᠲᠠᠭᠠᠪᠤᠷᠢ ᠦᠭᠡ ᠶᠢ ᠤᠳᠬ᠎ᠠ ᠪᠠᠷ ᠨᠢ ᠲᠤᠤᠷᠠᠬᠢ ᠮᠡᠳᠦ ᠬᠡᠳᠦᠨ ᠵᠦᠢᠯ ᠬᠤᠪᠢᠶᠠᠳᠠᠭ᠃    1. ᠴᠠᠭ ᠤᠨ ᠲᠠᠭᠠᠪᠤᠷᠢ ᠦᠭᠡ᠄ ᠬᠤᠭᠤᠷᠤᠨᠳᠤ᠂ ᠲᠠᠷᠠᠭ᠎ᠠ᠂ ᠲᠤᠷᠰᠢ᠂ ᠵᠠᠭᠤᠷ᠎ᠠ    2. ᠤᠷᠤᠨ ᠤ ᠲᠠᠭᠠᠪᠤᠷᠢ ᠦᠭᠡ᠄ ᠦᠭᠡᠳᠡ᠂ ᠤᠷᠤᠭᠤ᠂ ᠲᠠᠭᠠᠤ    3. ᠵᠤᠷᠢᠯᠭ᠎ᠠ ᠶᠢᠨ ᠲᠠᠭᠠᠪᠤᠷᠢ ᠦᠭᠡ᠄ ᠲᠦᠯᠦᠭᠡ    4. ᠰᠢᠯᠳᠠᠭᠠᠨ ᠤ ᠲᠠᠭᠠᠪᠤᠷᠢ ᠦᠭᠡ᠄ ᠲᠤᠯᠠ᠂ ᠲᠤᠯᠠᠳᠠ᠂ ᠪᠤᠯᠬᠤᠷ᠂ ᠤᠴᠢᠷ    5. ᠠᠳᠠᠯᠢᠳᠬᠠᠬᠤ ᠲᠠᠭᠠᠪᠤᠷᠢ ᠦᠭᠡ᠄ ᠰᠢᠭ᠋᠂ ᠰᠢᠭ᠂ ᠮᠡᠳᠦ᠂ ᠴᠢᠨᠡᠭᠡ᠂ ᠬᠢᠷᠢ    6. ᠲᠦᠢᠮᠤᠯᠠᠬᠤ ᠲᠠᠭᠠᠪᠤᠷᠢ ᠦᠭᠡ᠄ ᠭᠠᠷᠤᠢ᠂ ᠰᠢᠬᠠᠮ᠂ ᠤᠷᠴᠢᠮ    7. ᠬᠢᠵᠠᠭᠠᠷᠯᠠᠬᠤ ᠲᠠᠭᠠᠪᠤᠷᠢ ᠦᠭᠡ᠄ ᠪᠤᠯᠳᠠᠯ᠎ᠠ᠂ ᠲᠤᠯᠳᠠᠯ᠎ᠠ᠂ ᠬᠦᠷᠳᠡᠯ᠎ᠡ    8. ᠬᠤᠷᠢᠶᠠᠬᠤ ᠲᠠᠭᠠᠪᠤᠷᠢ ᠦᠭᠡ᠄ ᠵᠡᠷᠭᠡ᠂ ᠪᠤᠯᠭᠠᠨ᠂ ᠪᠦᠷᠢ     9. ᠲᠠᠭᠤᠷᠢᠶᠠᠬᠤ ᠲᠠᠭᠠᠪᠤᠷᠢ ᠦᠭᠡ᠄ ᠶᠤᠰᠤᠭᠠᠷ    10. ᠬᠠᠮᠳᠤᠷᠠᠬᠤ ᠲᠠᠭᠠᠪᠤᠷᠢ ᠦᠭᠡ᠄ ᠬᠠᠮᠳᠤ     11. ᠬᠠᠮᠢᠶᠠᠳᠠᠭᠤᠯᠬᠤ ᠲᠠᠭᠠᠪᠤᠷᠢ ᠦᠭᠡ᠄ ᠲᠤᠬᠠᠢ ᠭᠡᠬᠦ ᠮᠡᠳᠦ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1