ᠲᠦᠯᠦᠭᠡᠨ ᠤ ᠦᠭᠡ
ᠨᠡᠶᠢᠲᠡᠯᠡᠭᠰᠡᠨ ᠴᠠᠭ᠄
2017/9/29
     ᠬᠦᠮᠦᠨ ᠶᠠᠭᠤᠮ᠎ᠠ ᠬᠢᠭᠡᠳ ᠲᠡᠭᠦᠨ ᠤ ᠰᠢᠨᠵᠢ ᠴᠢᠨᠠᠷ᠂ ᠲᠤᠭ᠎ᠠ ᠬᠡᠮᠵᠢᠶ᠎ᠡ ᠪᠠ ᠦᠢᠯᠡ ᠪᠠᠶᠢᠳᠠᠯ᠂ ᠦᠢᠯᠡ ᠬᠦᠳᠡᠯᠦᠯ ᠤᠨ ᠪᠤᠯᠬᠤ ᠤᠷᠤᠨ ᠴᠠᠭ ᠵᠡᠷᠭᠡ ᠶᠢ ᠲᠦᠯᠦᠭᠡᠯᠡᠨ ᠵᠢᠭᠠᠭᠰᠠᠨ ᠦᠭᠡᠰ ᠢ ᠲᠦᠯᠦᠭᠡᠨ ᠤ ᠦᠭᠡ ᠭᠡᠨ᠎ᠡ᠃      ᠲᠦᠯᠦᠭᠡᠨ ᠤ ᠦᠭᠡ ᠶᠢᠨ ᠤᠨᠴᠠᠯᠢᠭ᠄    1. ᠲᠦᠯᠦᠭᠡᠨ ᠤ ᠦᠭᠡ ᠠᠯᠢ ᠠᠶᠢᠮᠠᠭ ᠤᠨ ᠦᠭᠡ ᠶᠢ ᠲᠦᠯᠦᠭᠡᠯᠡᠭᠰᠡᠨ ᠪᠤᠯ ᠲᠡᠷᠡ ᠠᠶᠢᠮᠠᠭ ᠤᠨ ᠦᠭᠡ ᠵᠦᠢ ᠶᠢᠨ ᠤᠨᠴᠠᠯᠢᠭ ᠢᠶᠠᠷ ᠬᠤᠪᠢᠯᠤᠨ᠎ᠠ︔ ᠲᠡᠶᠢᠨ ᠢᠯᠭᠠᠯ ᠢᠶᠠᠷ ᠬᠤᠪᠢᠯᠬᠤ ᠳᠤ ᠲᠦᠯᠦᠭᠡᠨ ᠤ ᠦᠭᠡ ᠶᠢᠨ ᠦᠨᠳᠦᠰᠦ ᠨᠢ ᠬᠤᠪᠢᠷᠠᠳᠠᠭ ᠢᠶᠠᠷ ᠢᠶᠠᠨ ᠪᠤᠰᠤᠳ ᠠᠶᠢᠮᠠᠭ ᠤᠨ ᠦᠭᠡ ᠠᠴᠠ ᠢᠯᠭᠠᠭᠳᠠᠨ᠎ᠠ᠃      2. ᠦᠭᠦᠯᠡᠪᠦᠷᠢ ᠳᠤ ᠠᠯᠢ ᠠᠶᠢᠮᠠᠭ ᠤᠨ ᠦᠭᠡ ᠶᠢ ᠲᠦᠯᠦᠭᠡᠯᠡᠭᠰᠡᠨ ᠪᠤᠯ ᠲᠡᠷᠡ ᠠᠶᠢᠮᠠᠭ ᠤᠨ ᠦᠭᠡ ᠶᠢᠨ ᠦᠭᠦᠯᠡᠪᠦᠷᠢ ᠳᠤ ᠭᠦᠢᠴᠡᠳᠭᠡᠬᠦ ᠡᠭᠦᠷᠭᠡ ᠶᠢ ᠭᠦᠢᠴᠡᠳᠭᠡᠨ᠎ᠡ᠃     ᠲᠦᠯᠦᠭᠡᠨ ᠤ ᠦᠭᠡ ᠶᠢᠨ ᠲᠦᠷᠦᠯ ᠵᠦᠢᠯ     1. ᠪᠡᠶ᠎ᠡ ᠶᠢᠨ ᠲᠦᠯᠦᠭᠡᠨ ᠤ ᠦᠭᠡ ᠬᠦᠮᠦᠨ ᠢ ᠭᠤᠷᠪᠠᠨ ᠪᠡᠶ᠎ᠡ ᠪᠠᠷ ᠲᠦᠯᠦᠭᠡᠯᠡᠨ ᠵᠢᠭᠠᠬᠤ ᠦᠭᠡ ᠶᠢ ᠪᠡᠶ᠎ᠡ ᠶᠢᠨ ᠲᠦᠯᠦᠭᠡᠨ ᠤ ᠦᠭᠡ ᠭᠡᠨ᠎ᠡ᠃ ᠨᠢᠭᠡᠳᠦᠭᠡᠷ ᠪᠡᠶ᠎ᠡ᠄ ᠪᠢ᠂ ᠪᠢᠳᠠ᠂ ᠮᠠᠨ︔ ᠬᠤᠶᠠᠳᠤᠭᠠᠷ ᠪᠡᠶ᠎ᠡ᠄ ᠴᠢ᠂ ᠲᠠ︔ ᠭᠤᠷᠪᠠᠳᠤᠭᠠᠷ ᠪᠡᠶ᠎ᠡ᠄ ᠡᠨᠡ᠂ ᠲᠡᠷᠡ ︵ᠡᠳᠡ᠂ ᠲᠡᠳᠡ︶ ᠭᠡᠬᠦ ᠮᠡᠳᠦ᠃ ᠪᠡᠶ᠎ᠡ ᠶᠢᠨ ᠲᠦᠯᠦᠭᠡᠨ ᠤ ᠦᠭᠡ ᠲᠡᠶᠢᠨ ᠢᠯᠭᠠᠯ ᠢᠶᠠᠷ ᠬᠡᠯᠪᠡᠷᠢᠵᠢᠵᠤ ᠬᠤᠪᠢᠯᠬᠤ ᠳᠤ ᠪᠠᠨ ᠦᠨᠳᠦᠰᠦ ᠨᠢ ᠬᠤᠪᠢᠷᠠᠳᠠᠭ᠃ ᠵᠢᠱᠢᠶᠡᠯᠡᠪᠡᠯ᠄ ᠨᠢᠭᠡᠳᠦᠭᠡᠷ ᠪᠡᠶ᠎ᠡ ᠶᠢᠨ ᠲᠦᠯᠦᠭᠡᠨ ᠤ ᠦᠭᠡ᠄ ᠨᠡᠷᠡᠯᠡᠬᠦ᠄ ᠪᠢ ᠬᠠᠷᠢᠶᠠᠯᠠᠬᠤ᠄ ᠮᠢᠨᠤ᠂ ᠪᠢᠳᠠᠨ ᠤ᠂ ᠮᠠᠨ ᠤ ᠦᠭᠬᠦ ᠤᠷᠤᠰᠢᠬᠤ᠄ ᠨᠠᠮ᠎ᠠ ᠳᠤ᠂ ᠨᠠᠳᠠ ᠵᠢᠭᠠᠬᠤ᠄ ᠨᠠᠮ᠎ᠠ ᠶᠢ᠂ ᠨᠠᠮᠠᠢᠢ ᠭᠠᠷᠬᠤ᠄ ᠨᠠᠮ᠎ᠠ ᠠᠴᠠ᠂ ᠨᠠᠳᠠ ᠠᠴᠠ ᠦᠢᠯᠡᠳᠬᠦ᠄ ᠨᠠᠮ᠎ᠠ ᠪᠠᠷ᠂ ᠨᠠᠳᠠ ᠪᠠᠷ ᠬᠠᠮᠳᠤᠷᠠᠬᠤ᠄ ᠨᠠᠮ᠎ᠠ ᠲᠠᠢ᠂ ᠨᠠᠳᠠ ᠲᠠᠢ ᠭᠡᠬᠦ ᠮᠡᠳᠦ᠃ ᠬᠤᠶᠠᠳᠤᠭᠠᠷ ᠪᠡᠶ᠎ᠡ ᠶᠢᠨ ᠲᠦᠯᠦᠭᠡᠨ ᠤ ᠦᠭᠡ᠄ ᠨᠡᠷᠡᠯᠡᠬᠦ᠄ ᠴᠢ᠂ ᠲᠠ ᠬᠠᠷᠢᠶᠠᠯᠠᠬᠤ᠄ ᠴᠢᠨᠤ᠂ ᠲᠠᠨ ᠤ ᠦᠭᠬᠦ ᠤᠷᠤᠰᠢᠬᠤ᠄ ᠴᠢᠮ᠎ᠠ ᠳᠤ᠂ ᠲᠠᠨ ᠳᠤ ᠵᠢᠭᠠᠬᠤ᠄ ᠴᠢᠮ᠎ᠠ ᠶᠢ᠂ ᠴᠢᠮᠠᠢᠢ᠂ ᠲᠠᠨ ᠢ ᠭᠠᠷᠬᠤ᠄ ᠴᠢᠮ᠎ᠠ ᠠᠴᠠ᠂ ᠲᠠᠨ ᠠᠴᠠ ᠦᠢᠯᠡᠳᠬᠦ᠄ ᠴᠢᠮ᠎ᠠ ᠪᠠᠷ᠂ ᠲᠠᠨ ᠢᠶᠠᠷ ᠬᠠᠮᠳᠤᠷᠠᠬᠤ᠄ ᠴᠢᠮ᠎ᠠ ᠲᠠᠢ᠂ ᠲᠠᠨ ᠲᠠᠢ ᠭᠡᠬᠦ ᠮᠡᠳᠦ᠃ ᠭᠤᠷᠪᠠᠳᠤᠭᠠᠷ ᠪᠡᠶ᠎ᠡ ᠶᠢᠨ ᠲᠦᠯᠦᠭᠡᠨ ᠤ ᠦᠭᠡ᠄ ᠨᠡᠷᠡᠯᠡᠬᠦ᠄ ᠡᠨᠡ᠂ ᠲᠡᠷᠡ᠂ ᠡᠳᠡ᠂ ᠲᠡᠳᠡ ᠬᠠᠷᠢᠶᠠᠯᠠᠬᠤ᠄ ᠡᠭᠦᠨ ᠤ᠂ ᠲᠡᠭᠦᠨ ᠤ᠂ ᠡᠳᠡᠨ ᠤ᠂ ᠲᠡᠳᠡᠨ ᠤ ᠦᠭᠬᠦ ᠤᠷᠤᠰᠢᠬᠤ᠄ ᠡᠭᠦᠨ ᠳᠤ᠂ ᠲᠡᠭᠦᠨ ᠳᠤ᠂ ᠡᠳᠡᠨ ᠳᠤ᠂ ᠲᠡᠳᠡᠨ ᠳᠤ ᠵᠢᠭᠠᠬᠤ᠄ ᠡᠭᠦᠨ ᠢ᠂ ᠲᠡᠭᠦᠨ ᠢ᠂ ᠡᠳᠡᠨ ᠢ᠂ ᠲᠡᠳᠡᠨ ᠢ ᠭᠠᠷᠬᠤ᠄ ᠡᠭᠦᠨ ᠠᠴᠠ᠂ ᠲᠡᠭᠦᠨ ᠠᠴᠠ᠂ ᠡᠳᠡᠨ ᠠᠴᠠ᠂ ᠲᠡᠳᠡᠨ ᠠᠴᠠ ᠦᠢᠯᠡᠳᠬᠦ᠄ ᠡᠭᠦᠨ ᠢᠶᠠᠷ᠂ ᠲᠡᠭᠦᠨ ᠢᠶᠠᠷ᠂ ᠡᠳᠡᠨ ᠢᠶᠠᠷ᠂ ᠲᠡᠳᠡᠨ ᠢᠶᠠᠷ ᠬᠠᠮᠳᠤᠷᠠᠬᠤ᠄ ᠡᠭᠦᠨ ᠲᠠᠢ᠂ ᠲᠡᠭᠦᠨ ᠲᠠᠢ᠂ ᠡᠳᠡᠨ ᠲᠠᠢ᠂ ᠲᠡᠳᠡᠨ ᠲᠠᠢ ᠭᠡᠬᠦ ᠮᠡᠳᠦ᠃     2. ᠵᠢᠭᠠᠬᠤ ᠲᠦᠯᠦᠭᠡᠨ ᠤ ᠦᠭᠡ ᠬᠦᠮᠦᠨ ᠶᠠᠭᠤᠮ᠎ᠠ ᠪᠠ ᠲᠡᠭᠦᠨ ᠤ ᠰᠢᠨᠵᠢ ᠴᠢᠨᠠᠷ᠂ ᠲᠤᠭ᠎ᠠ ᠬᠡᠮᠵᠢᠶ᠎ᠡ᠂ ᠦᠢᠯᠡ ᠬᠦᠳᠡᠯᠭᠡᠭᠡᠨ ᠤ ᠪᠤᠯᠬᠤ ᠤᠷᠤᠨ ᠴᠠᠭ ᠵᠡᠷᠭᠡ ᠶᠢ ᠲᠦᠯᠦᠭᠡᠯᠡᠨ ᠵᠢᠭᠠᠭᠰᠠᠨ ᠦᠭᠡ ᠶᠢ ᠵᠢᠭᠠᠬᠤ ᠲᠦᠯᠦᠭᠡᠨ ᠤ ᠦᠭᠡ ᠭᠡᠨ᠎ᠡ᠃ ᠵᠢᠱᠢᠶᠡᠯᠡᠪᠡᠯ᠄ ᠡᠨᠡ ᠲᠡᠷᠡ᠂ ᠡᠶᠢᠮᠦ ᠲᠡᠶᠢᠮᠦ᠂ ᠡᠳᠡᠭᠡᠷ ᠲᠡᠳᠡᠭᠡᠷ᠂ ᠠᠳᠡ ᠲᠡᠨᠳᠡ᠂ ᠡᠳᠦᠢ ᠲᠡᠳᠦᠢ ᠂ ᠠᠳᠡᠬᠢ ᠲᠡᠨᠳᠡᠬᠢ ᠭᠡᠬᠦ ᠮᠡᠳᠦ᠃     3. ᠠᠰᠠᠭᠤᠬᠤ ᠲᠦᠯᠦᠭᠡᠨ ᠤ ᠦᠭᠡ ᠬᠦᠮᠦᠨ ᠶᠠᠭᠤᠮ᠎ᠠ ᠬᠢᠭᠡᠳ ᠲᠡᠭᠦᠨ ᠤ ᠰᠢᠨᠵᠢ ᠴᠢᠨᠠᠷ᠂ ᠲᠤᠭ᠎ᠠ ᠬᠡᠮᠵᠢᠶ᠎ᠡ ᠵᠢᠴᠢ ᠦᠢᠯᠡ ᠶᠢᠨ ᠪᠤᠯᠬᠤ ᠤᠷᠤᠨ ᠴᠠᠭ ᠢ ᠲᠦᠯᠦᠭᠡᠯᠡᠨ ᠠᠰᠠᠭᠤᠳᠠᠭ ᠦᠭᠡ ᠶᠢ ᠠᠰᠠᠭᠤᠬᠤ ᠲᠦᠯᠦᠭᠡᠨ ᠤ ᠦᠭᠡ ᠭᠡᠨ᠎ᠡ᠃ ᠵᠢᠱᠢᠶᠡᠯᠡᠪᠡᠯ᠄ ᠬᠡᠨ᠂ ᠠᠯᠢ᠂ ᠶᠠᠭᠤ᠂ ᠶᠠᠮᠠᠷ᠂ ᠬᠢᠷᠢ᠂ ᠬᠢᠷᠢ ᠵᠡᠷᠭᠡ᠂ ᠬᠡᠳᠦ᠂ ᠬᠡᠳᠦᠢ᠂ ᠬᠡᠳᠦ᠋ᠢᠴᠢᠨᠡᠭᠡᠨ᠂ ᠬᠡᠴᠢᠨᠡᠭᠡᠨ᠂ ᠬᠡᠳᠦᠭᠦᠯᠡ᠂ ᠬᠠᠮᠢᠭ᠎ᠠ᠂ ᠬᠠᠮᠢᠭᠠᠭᠤᠷ᠂ ᠬᠠᠮᠢᠭᠠᠰᠢ᠂ ᠬᠡᠵᠢᠶ᠎ᠡ ᠭᠡᠬᠦ ᠮᠡᠳᠦ᠃ ᠠᠰᠠᠭᠤᠬᠤ ᠲᠦᠯᠦᠭᠡᠨ ᠤ ᠦᠭᠡ ᠨᠢ ᠲᠡᠶᠢᠨ ᠢᠯᠭᠠᠯ ᠢᠶᠠᠷ ᠬᠤᠪᠢᠯᠵᠤ᠂ ᠤᠯᠠᠨ ᠲᠤᠭ᠎ᠠ ᠪᠠᠷ ᠬᠤᠪᠢᠯᠳᠠᠭ ᠦᠭᠡᠢ᠃ ᠤᠯᠠᠨ ᠲᠤᠭ᠎ᠠ ᠶᠢ ᠢᠯᠡᠷᠡᠭᠦᠯᠬᠦ ᠳᠤ ᠠᠰᠠᠭᠤᠬᠤ ᠲᠦᠯᠦᠭᠡᠨ ᠤ ᠦᠭᠡ ᠶᠢ ᠲᠠᠪᠳᠠᠨ ᠬᠡᠯᠡᠳᠡᠭ᠃ ᠵᠢᠱᠢᠶᠡᠯᠡᠪᠡᠯ᠄ ᠠᠯᠢ ᠲᠠᠯ᠎ᠠ ᠪᠠᠷ ᠪᠤᠷᠤᠭᠤᠳᠠᠪᠠ︖ ᠬᠡᠨ ᠢᠷᠡᠭᠡ ᠦᠭᠡᠢ ᠪᠤᠢ︖ ᠭᠡᠬᠦ ᠮᠡᠳᠦ᠃      4. ᠲᠤᠳᠤᠷᠬᠠᠢ ᠦᠭᠡᠢ ᠲᠦᠯᠦᠭᠡᠨ ᠦᠭᠡ ᠬᠦᠮᠦᠨ ᠶᠠᠭᠤᠮ᠎ᠠ ᠪᠠ ᠲᠡᠭᠦᠨ ᠤ ᠰᠢᠨᠵᠢ ᠴᠢᠨᠠᠷ ᠲᠤᠭ᠎ᠠ ᠬᠡᠮᠵᠢᠶ᠎ᠡ᠂ ᠦᠢᠯᠡ ᠬᠦᠳᠡᠯᠭᠡᠭᠡᠨ ᠤ ᠤᠷᠤᠨ ᠴᠠᠭ ᠵᠡᠷᠭᠡ ᠶᠢ ᠲᠤᠳᠤᠷᠬᠠᠢ ᠪᠤᠰᠤ ᠪᠠᠷ ᠲᠦᠯᠦᠭᠡᠯᠡᠨ ᠬᠡᠯᠡᠳᠡᠭ ᠦᠭᠡ ᠶᠢ ᠲᠤᠳᠤᠷᠬᠠᠢ ᠦᠭᠡᠢ ᠲᠦᠯᠦᠭᠡᠨ ᠤ ᠦᠭᠡ ᠭᠡᠨ᠎ᠡ᠃ ᠲᠤᠳᠤᠷᠬᠠᠢ ᠦᠭᠡᠢ ᠲᠦᠯᠦᠭᠡᠨ ᠤ ᠦᠭᠡ ᠨᠢ ᠠᠰᠠᠭᠤᠬᠤ ᠲᠦᠯᠦᠭᠡᠨ ᠤ ᠦᠭᠡᠨ ᠳᠤ ︽ᠴᠦ᠂ ᠪᠠ᠂ ᠨᠢᠭᠡ︾᠎ ᠶᠢ ᠲᠠᠭᠠᠭᠤᠯᠵᠤ ᠪᠦᠳᠦᠨ᠎ᠡ᠃ ᠵᠢᠱᠢᠶᠡᠯᠡᠪᠡᠯ᠄ ᠬᠡᠨ ᠴᠦ᠂ ᠬᠡᠨ ᠨᠢᠭᠡᠨ᠂ ᠠᠯᠢ ᠴᠦ᠂ ᠠᠯᠢ ᠨᠢᠭᠡᠨ᠂ ᠶᠠᠮᠠᠷ ᠴᠦ᠂ ᠶᠠᠮᠠᠷ ᠨᠢᠭᠡᠨ᠂ ᠬᠡᠳᠦ ᠴᠦ᠂ ᠬᠡᠴᠢᠨᠡᠭᠡᠨ ᠴᠦ᠂ ᠬᠡᠵᠢᠶ᠎ᠡ ᠨᠢᠭᠡ᠂ ᠬᠠᠮᠢᠭ᠎ᠠ ᠨᠢᠭᠡ ᠭᠡᠬᠦ ᠮᠡᠳᠦ᠃ ᠡᠭᠦᠨ ᠳᠤ ᠵᠠᠷᠢᠮ ᠲᠡᠮᠳᠡᠭ ᠦᠭᠡ ᠪᠤᠯᠤᠨ ᠠᠰᠠᠭᠤᠬᠤ ᠲᠦᠯᠦᠭᠡᠨ ᠤ ᠦᠭᠡᠨ ᠳᠤ ︽‍ᠭᠤᠯᠠ ᠭᠦ᠋ᠯᠡ︾ ᠲᠠᠭᠠᠪᠤᠷᠢ ᠶᠢ ᠵᠠᠯᠭᠠᠵᠤ᠂ ᠲᠤᠳᠤᠷᠬᠠᠢ ᠦᠭᠡᠢ ᠲᠦᠯᠦᠭᠡᠨ ᠤ ᠦᠭᠡ ᠶᠢ ᠡᠭᠦᠰᠭᠡᠳᠡᠭ ᠃ ᠵᠢᠱᠢᠶᠡᠯᠡᠪᠡᠯ᠄ ᠤᠯᠠᠭᠤᠯᠠ᠂ ᠠᠷᠪᠢᠭᠤᠯᠠ᠂ ᠬᠡᠳᠦᠭᠦᠯᠡ ᠭᠡᠬᠦ ᠮᠡᠳᠦ᠃ ᠲᠤᠳᠤᠷᠬᠠᠢ ᠦᠭᠡᠢ ᠲᠦᠯᠦᠭᠡᠨ ᠤ ᠦᠭᠡ ᠲᠡᠶᠢᠨ ᠢᠯᠭᠠᠯ ᠢᠶᠠᠷ ᠬᠤᠪᠢᠯᠵᠤ᠂ ᠤᠯᠠᠨ ᠲᠤᠭ᠎ᠠ ᠶᠢ ᠢᠯᠡᠳᠭᠡᠬᠦ ᠳᠤ ᠲᠤᠳᠤᠷᠬᠠᠢ ᠦᠭᠡᠢ ᠲᠦᠯᠦᠭᠡᠨ ᠤ ᠦᠭᠡ ᠶᠢ ᠲᠠᠪᠳᠠᠳᠠᠭ᠃ ᠵᠢᠱᠢᠶᠡᠯᠡᠪᠡᠯ᠄ ᠶᠠᠭᠤ ᠶᠠᠭᠤ ᠶᠢ ᠴᠦ ᠢᠳᠡᠬᠦ ᠲᠤᠷ᠎ᠠ ᠦᠭᠡᠢ᠂ ᠬᠡᠳᠦ ᠬᠡᠳᠦ ᠪᠠᠷ ᠲᠤᠰᠢᠶᠠᠵᠤ ᠪᠠᠶᠢᠨ᠎ᠠ ᠭᠡᠬᠦ ᠮᠡᠳᠦ᠃     5. ᠢᠯᠭᠠᠬᠤ ᠲᠦᠯᠦᠭᠡᠨ ᠤ ᠦᠭᠡ ᠬᠦᠮᠦᠨ ᠶᠠᠭᠤᠮ᠎ᠠ ᠪᠠ ᠲᠡᠭᠦᠨ ᠤ ᠰᠢᠨᠵᠢ ᠴᠢᠨᠠᠷ᠂ ᠲᠤᠭ᠎ᠠ ᠬᠡᠮᠵᠢᠶ᠎ᠡ ᠶᠢ ᠢᠯᠭᠠᠨ ᠲᠦᠯᠦᠭᠡᠯᠡᠳᠡᠭ ᠦᠭᠡ ᠶᠢ ᠢᠯᠭᠠᠬᠤ ᠲᠦᠯᠦᠭᠡᠨ ᠤ ᠦᠭᠡ ᠭᠡᠨ᠎ᠡ᠃ ᠵᠢᠱᠢᠶᠡᠯᠡᠪᠡᠯ᠄ ᠪᠤᠰᠤ᠂ ᠪᠤᠰᠤᠳ᠂ ᠤᠨᠳᠤᠤ᠂ ᠦᠭᠡᠷ᠎ᠡ᠂ ᠠᠰᠳᠠᠭᠠᠨ᠂ ᠵᠠᠷᠢᠮ᠂ ᠲᠤᠰ᠂ ᠨᠦᠭᠦᠭᠡ ᠭᠡᠬᠦ ᠮᠡᠳᠦ ᠦᠭᠡ ᠪᠠᠭᠳᠠᠨ᠎ᠠ᠃ ᠢᠯᠭᠠᠬᠤ ᠲᠦᠯᠦᠭᠡᠨ ᠤ ᠦᠭᠡ ᠨᠢ ᠲᠡᠶᠢᠨ ᠢᠯᠭᠠᠯ ᠢᠶᠠᠷ ᠬᠤᠪᠢᠯᠳᠠᠭ᠃      6. ᠬᠤᠷᠢᠶᠠᠬᠤ ᠲᠦᠯᠦᠭᠡᠨ ᠤ ᠦᠭᠡ ᠬᠦᠮᠦᠨ ᠶᠠᠭᠤᠮ᠎ᠠ ᠶᠢᠨ ᠤᠯᠠᠨ ᠢ ᠲᠦᠯᠦᠭᠡᠯᠡᠳᠡᠭ ᠦᠭᠡ ᠶᠢ ᠬᠤᠷᠢᠶᠠᠬᠤ ᠲᠦᠯᠦᠭᠡᠨ ᠤ ᠦᠭᠡ ᠭᠡᠨ᠎ᠡ᠃ ᠵᠢᠱᠢᠶᠡᠯᠡᠪᠡᠯ᠄ ᠡᠯ᠎ᠡ᠂ ᠡᠯᠳᠡᠪ᠂ ᠨᠡᠶᠢᠳᠡ᠂ ᠨᠡᠶᠢᠳᠡᠮ᠂ ᠪᠤᠯᠳᠤ᠂ ᠪᠦᠬᠦ᠂ ᠪᠦᠬᠦᠨ᠂ ᠪᠦᠬᠦ᠋ᠢᠯᠡ᠂ ᠪᠦᠬᠦᠳᠡᠭᠡᠷ᠂ ᠪᠦᠭᠦᠳᠡ᠂ ᠪᠦᠷ᠂ ᠬᠠᠮᠤᠭ᠂ ᠲᠠᠶᠠᠩ᠂ ᠲᠠᠶᠠᠭᠠᠷ᠂ ᠴᠦᠮ ᠭᠡᠬᠦ ᠮᠡᠳᠦ᠃ ᠬᠤᠷᠢᠶᠠᠬᠤ ᠲᠦᠯᠦᠭᠡᠨ ᠤ ᠦᠭᠡ ᠲᠡᠶᠢᠨ ᠢᠯᠭᠠᠯ ᠢᠶᠠᠷ ᠵᠠᠷᠢᠮᠳᠤᠭ ᠬᠤᠪᠢᠯᠤᠨ᠎ᠠ᠃      7. ᠦᠪᠡᠷ ᠤᠨ ᠲᠦᠯᠦᠭᠡᠨ ᠤ ᠦᠭᠡ ᠡᠵᠡᠨ ᠪᠡᠶ᠎ᠡ ᠶᠢ ᠦᠪᠡᠷ ᠤᠨ ᠪᠡᠶ᠎ᠡ ᠪᠠᠷ ᠨᠢ ᠲᠦᠯᠦᠭᠡᠯᠡᠨ ᠬᠡᠯᠡᠳᠡᠭ ᠦᠭᠡ ᠶᠢ ᠦᠪᠡᠷ ᠤᠨ ᠲᠦᠯᠦᠭᠡᠨ ᠤ ᠦᠭᠡ ᠭᠡᠨ᠎ᠡ᠃ ᠵᠢᠱᠢᠶᠡᠯᠡᠪᠡᠯ᠄ ᠦᠪᠡᠷ ᠢᠶᠠᠨ᠂ ᠦᠪᠡᠷᠰᠡᠳ ᠢᠶᠠᠨ᠂ ᠦᠪᠡᠷᠳᠡᠭᠡᠨ᠂ ᠦᠪᠡᠰᠦᠪᠡᠨ ᠭᠡᠬᠦ ᠮᠡᠳᠦ᠃      8. ᠦᠢᠯᠡ ᠶᠢᠨ ᠲᠦᠯᠦᠭᠡᠨ ᠤ ᠦᠭᠡ ᠬᠦᠮᠦᠨ ᠶᠠᠭᠤᠮ᠎ᠠ ᠶᠢᠨ ᠦᠢᠯᠡ ᠪᠠᠶᠢᠳᠠᠯ ᠢ ᠲᠦᠯᠦᠭᠡᠯᠡᠳᠡᠭ ᠦᠭᠡ ᠶᠢ ᠦᠢᠯᠡ ᠶᠢᠨ ᠲᠦᠯᠦᠭᠡᠨ ᠤ ᠦᠭᠡ ᠭᠡᠨ᠎ᠡ᠃ ᠵᠢᠱᠶᠡᠯᠡᠪᠡᠯ᠄ ᠢᠩᠭᠢ᠂ ᠢᠩᠭᠢᠭᠡᠳ᠂ ᠢᠩᠭᠢᠪᠡ᠂ ᠴᠢᠩᠭᠢ᠂ ᠴᠢᠩᠭᠢᠭᠡᠳ ᠭᠡᠬᠦ ᠮᠡᠳᠦ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1