ᠲᠤᠭᠠᠨ ᠤ ᠦᠭᠡ
ᠨᠡᠶᠢᠲᠡᠯᠡᠭᠰᠡᠨ ᠴᠠᠭ᠄
2017/9/29
     ᠬᠦᠮᠦᠨ ᠠᠮᠢᠳᠠᠨ᠂ ᠶᠠᠭᠤᠮ᠎ᠠ ᠦᠵᠡᠭᠳᠡᠯ ᠤᠨ ᠲᠤᠭ᠎ᠠ ᠬᠡᠮᠵᠢᠶ᠎ᠡ᠂ ᠲᠡᠰ ᠳ᠋ᠤᠭᠠᠷ᠂ ᠪᠤᠯᠤᠭᠰᠠᠨ ᠤᠳᠠᠭ᠎ᠠ ᠵᠡᠷᠭᠡ ᠶᠢ ᠵᠢᠭᠠᠭᠰᠠᠨ ᠦᠭᠡ ᠶᠢ ᠲᠤᠭᠠᠨ ᠤ ᠦᠭᠡ ᠭᠡᠨ᠎ᠡ᠃ ᠲᠤᠭᠠᠨ ᠤ ᠦᠭᠡ ᠶᠢᠨ ᠲᠦᠷᠦᠯ ᠵᠦᠢᠯ ᠲᠤᠭᠠᠨ ᠤ ᠦᠭᠡ ᠶᠢ ᠤᠳᠬ᠎ᠠ ᠪᠠ ᠬᠡᠯᠪᠡᠷᠢ ᠶᠢ ᠨᠢ ᠦᠨᠳᠦᠰᠦᠯᠡᠨ ᠬᠤᠪᠢᠶᠠᠪᠠᠯ ᠲᠤᠤᠷᠠᠬᠢ ᠮᠡᠳᠦ᠄      1. ᠦᠨᠳᠦᠰᠦᠨ ᠲᠤᠭᠠᠨ ᠤ ᠦᠭᠡ — ᠬᠦᠮᠦᠨ ᠠᠮᠢᠳᠠᠨ᠂ ᠶᠠᠭᠤᠮ᠎ᠠ ᠦᠵᠡᠭᠳᠡᠯ ᠤᠨ ︽ᠬᠡᠳᠦ᠂ ᠬᠡᠴᠢᠨᠡᠭᠡᠨ︾ ᠪᠤᠯᠬᠤ ᠶᠢ ᠵᠢᠭᠠᠭᠰᠠᠨ ᠦᠭᠡ ᠶᠢ ᠬᠡᠯᠡᠨ᠎ᠡ᠃ ᠵᠢᠱᠢᠶᠡᠯᠡᠪᠡᠯ᠄ ᠨᠢᠭᠡ᠂ ᠬᠤᠶᠡᠷ᠂ ᠵᠠᠭᠤ᠂ ᠮᠢᠩᠭ᠎ᠠ᠂ ᠲᠦᠮᠡ᠂ ᠳ᠋ᠦᠩᠰᠢᠭᠤᠷ ᠭᠡᠬᠦ ᠮᠡᠳᠦ᠃      2. ᠲᠡᠰ ᠲᠤᠭᠠᠨ ᠤ ᠦᠭᠡ — ᠦᠨᠳᠦᠰᠦᠨ ᠲᠤᠭᠠᠨ ᠤ ᠦᠭᠡᠨ ᠳᠤ ︽ᠳ᠋ᠤᠭᠠᠷ ᠳ᠋ᠦ᠋ᠭᠡᠷ᠂ ᠳᠠᠬᠢ︾ ᠲᠠᠭᠠᠪᠤᠷᠢ ᠵᠠᠯᠭᠠᠵᠤ᠂ ᠬᠦᠮᠦᠨ ᠶᠠᠭᠤᠮ᠎ᠠ᠂ ᠦᠵᠡᠭᠳᠡᠯ ᠤᠨ ᠲᠡᠰ ᠳ᠋ᠤᠭᠠᠷ ᠢ ᠵᠢᠭᠠᠳᠠᠭ ᠦᠭᠡᠰ ᠢ ᠬᠡᠯᠡᠨ᠎ᠡ᠃ ᠲᠡᠰ ᠲᠤᠭᠠᠨ ᠤ ᠦᠭᠡ ᠨᠢ ︽ᠬᠡᠳᠦᠳᠦᠭᠡᠷ︖ ᠬᠡᠳᠦ ᠳᠠᠬᠢ︖︾ ᠭᠡᠰᠡᠨ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠨᠢᠭᠡᠳᠦᠭᠡᠷ᠂ ᠵᠢᠷᠭᠤᠳᠤᠭᠠᠷ᠂ ᠠᠷᠪᠠ ᠳᠠᠬᠢ ᠭᠡᠬᠦ ᠮᠡᠳᠦ᠃ ᠲᠡᠰ ᠲᠤᠭᠠᠨ ᠤ ᠦᠭᠡ ᠨᠢ ᠵᠠᠷᠢᠮ ᠲᠤᠰᠬᠠᠢ ᠦᠭᠡ ᠪᠠᠷ ᠴᠦ ᠢᠯᠡᠷᠡᠳᠡᠭ᠃ ᠵᠢᠱᠢᠶ᠎ᠡ᠄ ᠲᠡᠷᠢᠭᠦᠨ — ᠨᠢᠭᠡᠳᠦᠭᠡᠷ᠂ ᠲᠡᠳ᠋ — ᠬᠤᠶᠠᠳᠤᠭᠠᠷ᠂ ᠠᠩᠬ᠎ᠠ — ᠨᠢᠭᠡᠳᠦᠭᠡᠷ ︵ᠠᠩᠬᠠᠳᠤᠭᠠᠷ᠂ ᠠᠩᠬᠠᠳᠠᠭᠴᠢ︶ ᠭᠡᠬᠦ ᠮᠡᠳᠦ᠃      3. ᠬᠠᠮ ᠲᠤᠭᠠᠨ ᠤ ᠦᠭᠡ — ᠦᠨᠳᠦᠰᠦᠨ ᠲᠤᠭᠠᠨ ᠤ ᠦᠭᠡᠨ ᠳᠤ ︽‍ᠭᠤᠯᠠ ᠭᠦ᠋ᠯᠡ︾ ᠲᠠᠭᠠᠪᠤᠷᠢ ᠵᠠᠯᠭᠠᠵᠤ ᠬᠦᠮᠦᠨ ᠶᠠᠭᠤᠮ᠎ᠠ ᠶᠢᠨ ᠤᠯᠠᠨ ᠢ ᠵᠢᠭᠠᠳᠠᠭ ᠦᠭᠡ ᠶᠢ ᠬᠡᠯᠡᠨ᠎ᠡ᠃ ᠬᠠᠮ ᠲᠤᠭᠠᠨ ᠤ ᠦᠭᠡ ︽ᠬᠡᠳᠦᠭᠦᠯᠡ︖︾ ᠭᠡᠬᠦ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠲᠦᠷᠪᠡᠭᠦᠯᠡ᠂ ᠲᠠᠪᠤᠭᠤᠯᠠ ᠭᠡᠬᠦ ᠮᠡᠳᠦ᠃       4. ᠲᠦᠢᠮᠤ ᠲᠤᠭᠠᠨ ᠤ ᠦᠭᠡ — ᠦᠨᠳᠦᠰᠦᠨ ᠲᠤᠭᠠᠨ ᠤ ᠦᠭᠡᠨ ᠳᠤ ︽‍ᠭᠠᠳ ᠭᠡᠳ︾ ᠲᠠᠭᠠᠪᠤᠷᠢ ᠵᠠᠯᠭᠠᠵᠤ᠂ ᠲᠤᠭ᠎ᠠ ᠬᠡᠮᠵᠢᠶ᠎ᠡ ᠶᠢ ᠲᠦᠢᠮᠤᠴᠢᠯᠠᠨ ᠵᠢᠭᠠᠳᠠᠭ ᠦᠭᠡ ᠶᠢ ᠭᠡᠯᠡᠨ᠎ᠡ᠃ ᠲᠦᠢᠮᠤ ᠲᠤᠭᠠᠨ ᠤ ᠦᠭᠡ ᠨᠢ ︽ᠬᠡᠳᠦᠢ︖︾ ᠭᠡᠬᠦ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠵᠠᠭᠤᠭᠠᠳ᠂ ᠲᠦᠮᠡᠭᠡᠳ ᠭᠡᠬᠦ ᠮᠡᠳᠦ᠃ ᠪᠠᠰᠠ ︽ᠠᠷᠪᠠᠳ᠂ ᠬᠤᠷᠢᠳ᠂ ᠠᠷᠪᠠ ᠬᠤᠷᠢ᠂ ᠨᠢᠭᠡ ᠵᠠᠭᠤ ᠲᠠᠯᠠ ᠨᠠᠶᠠ᠂ ᠠᠷᠪᠠ ᠰᠢᠬᠠᠮ᠂ ᠵᠠᠭᠤ ᠤᠷᠴᠢᠮ᠂ ᠲᠦᠮᠡ ᠭᠠᠷᠤᠢ᠂ ᠭᠤᠴᠢ ᠢᠯᠡᠭᠦᠦ᠂ ᠬᠡᠳᠦᠨ ᠵᠠᠭᠤ︾ ᠭᠡᠬᠦ ᠮᠡᠳᠦ ᠪᠠᠷ ᠢᠯᠡᠷᠡᠳᠡᠭ ᠴᠦ ᠪᠤᠢ᠃      5. ᠲᠦᠭᠡᠭᠡᠯ ᠲᠤᠭᠠᠨ ᠤ ᠦᠭᠡ — ᠬᠦᠮᠦᠨ ᠠᠮᠢᠳᠠᠨ᠂ ᠶᠠᠭᠤᠮ᠎ᠠ ᠦᠵᠡᠭᠳᠡᠯ ᠢ ᠬᠡᠰᠡᠭᠯᠡᠨ ᠬᠤᠪᠢᠶᠠᠬᠤ ᠳᠤ ᠪᠠᠨ ᠲᠤᠰ ᠲᠤᠰ ᠠᠳᠠᠯᠢ ᠲᠡᠭᠰᠢ ᠨᠤᠭᠳᠠᠭᠤᠯᠳᠠᠭ ᠦᠭᠡ ᠶᠢ ᠬᠡᠯᠡᠨ᠎ᠡ᠃ ᠲᠦᠭᠡᠭᠡᠯ ᠲᠤᠭᠠᠨ ᠤ ᠦᠭᠡ ᠨᠢ ︽ᠬᠡᠳᠦ ᠬᠡᠳᠦ ᠪᠠᠷ︖︾ ᠭᠡᠬᠦ ᠠᠰᠠᠭᠤᠯᠳᠠ ᠳᠤ ᠬᠠᠷᠢᠭᠤᠯᠤᠭᠳᠠᠵᠤ᠂ ᠦᠨᠳᠦᠰᠦᠨ ᠲᠤᠭᠠᠨ ᠤ ᠦᠭᠡ ᠶᠢ ᠲᠠᠪᠳᠠᠵᠤ ᠢᠯᠡᠷᠡᠭᠦᠯᠳᠡᠭ᠃ ᠵᠢᠱᠢᠶ᠎ᠡ᠄ ᠲᠠᠪᠤ ᠲᠠᠪᠤ ᠪᠠᠷ᠂ ᠭᠤᠴᠢ ᠭᠤᠴᠢ ᠪᠠᠷ᠂ ᠭᠡᠬᠦ ᠮᠡᠳᠦ᠃ ᠡᠭᠦᠨ ᠠᠴᠠ ᠭᠠᠳᠠᠨ᠎ᠠ ᠪᠠᠰᠠ ᠨᠢᠵᠡᠭᠡᠳ — ᠨᠢᠭᠡ ᠨᠢᠭᠡ᠂ ᠬᠤᠰᠢᠶᠠᠳ — ᠬᠤᠶᠠᠷ ᠬᠤᠶᠠᠷ ᠭᠡᠬᠦ ᠮᠡᠳᠦ ᠪᠠᠷ ᠢᠯᠡᠳᠭᠡᠳᠡᠭ᠃      6. ᠲᠠᠬᠢᠬᠤ ᠲᠤᠭᠠᠨ ᠤ ᠦᠭᠡ — ᠦᠢᠯᠡ ᠪᠠᠶᠢᠳᠠᠯ ᠤᠨ ᠬᠡᠳᠦ ᠤᠳᠠᠭ᠎ᠠ᠂ ᠬᠡᠳᠦ ᠲᠠᠬᠢᠨ ᠪᠤᠯᠤᠭᠰᠠᠨ ᠢ ᠵᠢᠭᠠᠭᠰᠠᠨ ᠦᠭᠡ ᠶᠢ ᠬᠡᠯᠡᠨ᠎ᠡ᠃ ᠲᠠᠬᠢᠬᠤ ᠲᠤᠭᠠᠨ ᠤ ᠦᠭᠡ ᠨᠢ ︽ᠬᠡᠳᠦ ᠤᠳᠠᠭ᠎ᠠ︖ ᠬᠡᠳᠦᠨᠳᠡ︖ ᠬᠡᠳᠦ ᠲᠠᠬᠢᠨ︖︾ ᠭᠡᠰᠡᠨ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠭᠤᠷᠪᠠᠨᠳᠠ᠂ ᠭᠤᠷᠪᠠ ᠤᠳᠠᠭ᠎ᠠ᠂ ᠲᠦᠷᠪᠡ ᠲᠠᠬᠢᠨ ᠭᠡᠬᠦ ᠮᠡᠳᠦ᠃      7. ᠪᠤᠳᠠᠷᠬᠠᠢ ᠲᠤᠭᠠᠨ ᠤ ᠦᠭᠡ — ᠬᠦᠮᠦᠨ ᠶᠠᠭᠤᠮ᠎ᠠ ᠶᠢ ᠬᠡᠳᠦᠨ ᠤ ᠬᠡᠳᠦ ᠭᠡᠵᠤ ᠬᠤᠪᠢᠶᠠᠭᠰᠠᠨ ᠦᠭᠡ ᠶᠢ ᠬᠡᠯᠡᠨ᠎ᠡ᠃ ︽ᠬᠡᠳᠦᠨ ᠤ ᠬᠡᠳᠦ︖︾ ᠭᠡᠬᠦ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠭᠤᠷᠪᠠᠨ ᠤ ᠨᠢᠭᠡ᠂ ᠲᠤᠯᠤᠭᠠᠨ ᠤ ᠬᠤᠶᠠᠷ᠂ ᠵᠠᠭᠤᠨ ᠤ ᠲᠠᠪᠢ ᠭᠡᠬᠦ ᠮᠡᠳᠦ᠃      8. ᠴᠢᠮᠠᠯᠠᠭᠰᠠᠨ ᠲᠤᠭᠠᠨ ᠤ ᠦᠭᠡ — ᠤᠤᠯ ᠲᠤᠭᠠᠨ ᠤ ᠦᠭᠡᠨ ᠳᠤ ᠴᠢᠮᠠᠯᠠᠭᠰᠠᠨ ᠤᠳᠬ᠎ᠠ ᠤᠷᠤᠭᠤᠯᠳᠠᠭ ᠦᠭᠡ ᠶᠢ ᠬᠡᠯᠡᠨ᠎ᠡ᠃ ᠴᠢᠮᠠᠯᠠᠭᠰᠠᠨ ᠲᠤᠭᠠᠨ ᠤ ᠦᠭᠡ ᠶᠢ ᠪᠤᠰᠤᠳ ᠲᠤᠭᠠᠨ ᠤ ᠦᠭᠡᠨ ᠳᠤ ︽‍ᠬᠠᠨ ᠬᠡᠨ︾ ᠲᠠᠭᠠᠪᠤᠷᠢ ᠵᠠᠯᠭᠠᠵᠤ ᠢᠯᠡᠷᠡᠭᠦᠯᠳᠡᠭ᠃ ᠵᠢᠱᠢᠶ᠎ᠡ᠄ ᠠᠷᠪᠠᠭ᠋ᠠᠨ᠂ ᠲᠠᠪᠤᠭᠤᠯᠠᠬᠠᠨ ᠭᠡᠬᠦ ᠮᠡᠳᠦ᠃       9. ᠬᠡᠮᠵᠢᠭᠦᠷ ᠤᠨ ᠦᠭᠡ — ᠬᠦᠮᠦᠨ ᠶᠠᠭᠤᠮ᠎ᠠ ᠪᠠ ᠦᠢᠯᠡ ᠪᠠᠶᠢᠳᠠᠯ ᠤᠨ ᠲᠤᠭ᠎ᠠ ᠬᠡᠮᠵᠢᠶ᠎ᠡ ᠶᠢ ᠢᠯᠡᠳᠭᠡᠬᠦ ᠬᠡᠮᠵᠢᠭᠦᠷ ᠤᠨ ᠨᠢᠭᠡᠴᠢ ᠶᠢ ᠨᠡᠷᠡᠯᠡᠳᠡᠭ ᠦᠭᠡᠰ ᠢ ᠬᠡᠮᠵᠢᠭᠦᠷ ᠤᠨ ᠦᠭᠡ ᠭᠡᠳᠡᠭ᠃      ︵1︶ ᠲᠤᠭᠠᠨ ᠤ ᠦᠭᠡ ᠶᠢ ᠲᠠᠭᠠᠬᠤ᠃ ᠵᠢᠱᠢᠶ᠎ᠡ᠄ ᠠᠷᠪᠠᠨ ᠠᠶᠠᠭ᠎ᠠ ᠰᠦ᠂ ᠭᠤᠷᠪᠠᠨ ᠵᠢᠩ ᠮᠢᠬ᠎ᠠ᠂ ᠲᠠᠪᠤᠨ ᠴᠠᠭ ᠬᠡᠷᠡᠭᠰᠡᠨ᠎ᠡ ᠭᠡᠬᠦ᠂      ︵2︶ ᠨᠢᠭᠡ ᠭᠡᠬᠦ ᠲᠤᠭᠠᠨ ᠤ ᠦᠭᠡ ᠪᠠᠨ ᠠᠪᠬᠤ ᠦᠭᠡᠢ ᠪᠠᠷ ᠢᠯᠡᠷᠡᠬᠦ᠃ ᠵᠢᠱᠢᠶ᠎ᠡ᠄ ︵ᠨᠢᠭᠡ︶ ᠠᠳᠬᠤ ᠪᠤᠳᠠᠭ᠎ᠠ ᠶᠢ ᠴᠦ ᠠᠷᠪᠢᠯᠠᠬᠤ ᠬᠡᠷᠡᠭᠳᠡᠢ᠂ ︵ᠨᠢᠭᠡ︶ ᠬᠡᠰᠡᠭ ᠮᠢᠬ᠎ᠠ ᠠᠪᠤᠭᠠᠷᠠᠢ ᠭᠡᠬᠦ ᠮᠡᠳᠦ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1