ᠲᠡᠮᠳᠡᠭ ᠦᠭᠡ
ᠨᠡᠶᠢᠲᠡᠯᠡᠭᠰᠡᠨ ᠴᠠᠭ᠄
2017/9/29
     ᠬᠦᠮᠦᠨ ᠠᠮᠢᠳᠠᠨ᠂ ᠶᠠᠭᠤᠮ᠎ᠠ ᠦᠵᠡᠭᠳᠡᠯ᠂ ᠦᠢᠯᠡ ᠬᠦᠳᠡᠯᠭᠡᠭᠡᠨ ᠤ ᠰᠢᠨᠵᠢ ᠴᠢᠨᠠᠷ᠂ ᠦᠩᠭᠡ ᠵᠢᠰᠦᠮ᠂ ᠲᠦᠷᠰᠦ ᠬᠡᠯᠪᠡᠷᠢ᠂ ᠬᠡᠮᠵᠢᠶ᠎ᠡ ᠪᠠᠶᠢᠳᠠᠯ᠂ ᠪᠡᠯᠭᠡ ᠲᠡᠮᠳᠡᠭ ᠢ ᠵᠢᠭᠠᠭᠰᠠᠨ ᠦᠭᠡ ᠶᠢ ᠲᠡᠮᠳᠡᠭ ᠦᠭᠡ ᠭᠡᠨ᠎ᠡ᠃ ᠲᠡᠮᠳᠡᠭ ᠦᠭᠡ ᠨᠢ ︽ᠶᠠᠮᠠᠷ︖ ᠶᠠᠭᠠᠬᠢᠵᠤ︖︾ ᠭᠡᠬᠦ ᠠᠰᠠᠭᠤᠯᠳᠠ ᠳᠤ ᠬᠠᠷᠢᠭᠤᠯᠤᠭᠳᠠᠨ᠎ᠠ᠃      ᠲᠡᠮᠳᠡᠭ ᠦᠭᠡ ᠶᠢᠨ ᠤᠨᠴᠠᠯᠢᠭ᠄     1. ᠲᠡᠮᠳᠡᠭ ᠦᠭᠡ ᠤᠳᠬ᠎ᠠ ᠶᠢᠨ ᠲᠠᠯ᠎ᠠ ᠪᠠᠷ᠂ ᠰᠢᠨᠵᠢ ᠴᠢᠨᠠᠷ᠂ ᠦᠩᠭᠡ ᠵᠢᠰᠦᠮ᠂ ᠲᠦᠷᠰᠦ ᠬᠡᠯᠪᠡᠷᠢ᠂ ᠬᠡᠮᠵᠢᠶ᠎ᠡ ᠪᠠᠶᠢᠳᠠᠯ᠂ ᠪᠡᠯᠭᠡ ᠲᠡᠮᠳᠡᠭ ᠢ ᠵᠢᠭᠠᠳᠠᠭ᠃    2. ᠲᠡᠮᠳᠡᠭ ᠦᠭᠡ ᠨᠢ ᠨᠡᠷ᠎ᠡ ᠦᠭᠡ ᠶᠢᠨ ᠬᠤᠪᠢᠯᠤᠯ ᠢᠶᠠᠷ ᠬᠤᠪᠢᠯᠳᠠᠭ ᠴᠦ ᠵᠠᠷᠢᠮ ᠲᠡᠮᠳᠡᠭ ᠦᠭᠡᠨ ᠳᠤ ᠤᠯᠠᠨ ᠲᠤᠭᠠᠨ ᠤ ᠲᠠᠭᠠᠪᠤᠷᠢ ᠶᠢ ᠵᠠᠯᠭᠠᠬᠤ ᠳᠤ ᠨᠡᠷ᠎ᠡ ᠦᠭᠡ ᠪᠤᠯᠴᠢᠬᠠᠳᠠᠭ︔ ᠵᠢᠱᠢᠶᠡᠯᠡᠪᠡᠯ᠄ ᠤᠷᠠᠨ +᠎ ᠤᠨ — ᠤᠷᠠᠳ᠂ ᠪᠠᠶᠠᠨ + ᠴᠤᠳ — ᠪᠠᠶᠠᠴᠤᠳ ᠭᠡᠬᠦ ᠮᠡᠳᠦ᠃      3. ᠲᠡᠮᠳᠡᠭ ᠡᠭᠦᠰᠭᠡᠬᠦ ᠲᠤᠰᠬᠠᠢ ᠲᠠᠭᠠᠪᠤᠷᠢ ᠲᠠᠢ︔    4. ᠦᠭᠦᠯᠡᠪᠦᠷᠢ ᠳᠤ ᠪᠡᠶ᠎ᠡ ᠪᠠᠨ ᠲᠠᠭᠠᠭᠠᠭᠰᠠᠨ ᠭᠡᠰᠢᠭᠦᠨ ᠪᠤᠯᠳᠠᠭ᠂ ᠭᠤᠤᠯᠳᠠᠭᠤ ᠲᠤᠳᠤᠳᠬᠠᠯ ᠪᠠ ᠪᠠᠶᠢᠴᠠ ᠭᠡᠰᠢᠭᠦᠨ ᠪᠤᠯᠤᠨ᠎ᠠ᠃ ᠲᠡᠮᠳᠡᠭ ᠦᠭᠡ ᠶᠢᠨ ᠬᠠᠷᠢᠴᠠᠭᠤᠯᠤᠭᠰᠠᠨ ᠵᠡᠷᠭᠡ ᠲᠡᠮᠳᠡᠭ ᠦᠭᠡ ᠶᠢᠨ ᠬᠠᠷᠢᠴᠠᠭᠤᠯᠬᠤ ᠤᠳᠬ᠎ᠠ ᠶᠢ ᠢᠯᠡᠳᠭᠡᠳᠡᠭ ᠢ ᠲᠡᠮᠳᠡᠭ ᠦᠭᠡ ᠶᠢᠨ ᠬᠠᠷᠢᠴᠠᠭᠤᠯᠤᠭᠰᠠᠨ ᠵᠡᠷᠭᠡ ᠭᠡᠨ᠎ᠡ᠃ ᠪᠠᠰᠠ ᠲᠡᠮᠳᠡᠭ ᠦᠭᠡ ᠶᠢᠨ ᠬᠠᠷᠢᠴᠠᠭᠤᠯᠬᠤ ᠠᠢ ᠭᠡᠨ᠎ᠡ᠃ ᠲᠡᠮᠳᠡᠭ ᠦᠭᠡ ᠶᠢᠨ ᠬᠠᠷᠢᠴᠠᠭᠤᠯᠤᠭᠰᠠᠨ ᠤᠳᠬ᠎ᠠ ᠶᠢ ᠢᠯᠡᠳᠭᠡᠬᠦ ᠨᠦᠬᠦᠴᠡᠯ ᠨᠢ ᠦᠭᠡ ᠬᠤᠪᠢᠯᠭᠠᠬᠤ ᠲᠠᠭᠠᠪᠤᠷᠢ ᠪᠤᠯᠤᠨ᠎ᠠ᠃ ᠡᠳᠡᠭᠡᠷ ᠲᠠᠭᠠᠪᠤᠷᠢ ᠨᠢ ︽ᠪᠳᠤᠷ᠂ ‍ᠬᠠᠨ ᠬᠡᠨ᠂ ᠩᠭᠤᠢ ᠩᠭᠦᠢ᠂ ᠪᠢᠷ ᠪᠤᠷ︾ ᠵᠡᠷᠭᠡ ᠪᠠᠶᠢᠵᠤ᠂ ᠲᠡᠮᠳᠡᠭ ᠦᠭᠡᠨ ᠳᠤ ᠵᠠᠯᠭᠠᠬᠤ ᠳᠤ ᠤᠤᠯ ᠠᠴᠠ ᠪᠠᠨ ᠲᠤᠳᠠᠭᠤ ᠲᠤᠯᠢᠮᠠᠭ ᠪᠤᠯᠤᠭᠰᠠᠨ ᠤᠳᠬ᠎ᠠ ᠶᠢ ᠢᠯᠡᠳᠭᠡᠳᠡᠭ ᠶᠤᠮ᠃ ᠵᠢᠱᠢᠶᠡᠯᠡᠪᠡᠯ᠄ ᠬᠠᠷᠠᠪᠳᠤᠷ᠂ ᠶᠡᠬᠡᠬᠡᠨ᠂ ᠰᠢᠷᠠᠩᠭᠤᠢ ᠭᠡᠬᠦ ᠮᠡᠳᠦ᠃ ᠲᠡᠮᠳᠡᠭ ᠦᠭᠡ ᠶᠢᠨ ᠬᠠᠷᠢᠴᠠᠭᠤᠯᠬᠤ ᠵᠡᠷᠭᠡ ᠶᠢ ᠶᠡᠷᠦ ᠶᠢᠨ ᠵᠡᠷᠭᠡ᠂ ᠲᠠᠳᠠᠭᠤ ᠵᠡᠷᠭᠡ᠂ ᠲᠠᠪᠠᠭᠤ ᠵᠡᠷᠭᠡ ᠭᠡᠵᠤ ᠭᠤᠷᠪᠠ ᠬᠤᠪᠢᠶᠠᠨ᠎ᠠ᠃ ᠶᠡᠷᠦ ᠶᠢᠨ ᠵᠡᠷᠭᠡ — ᠶᠡᠷᠦ ᠶᠢᠨ ᠮᠠᠶ᠋ᠢᠭ ᠢᠶᠠᠷ ᠢᠯᠡᠳᠭᠡᠨ᠂ ᠶᠠᠮᠠᠷ ᠴᠦ ᠬᠠᠷᠢᠴᠠᠭᠤᠯᠤᠯ ᠬᠡᠷᠡᠭᠯᠡᠬᠦ ᠦᠭᠡᠢ᠃ ᠵᠢᠱᠢᠶᠡᠯᠡᠪᠡᠯ᠄ ᠦᠷᠭᠡᠨ ᠵᠡᠭᠡᠯᠢ᠂ ᠨᠠᠷᠢᠨ ᠠᠭᠤᠯᠭ᠎ᠠ᠂ ᠤᠯᠠᠭᠠᠨ ᠲᠤᠭ ᠭᠡᠬᠦ ᠮᠡᠳᠦ᠃ ᠲᠠᠳᠠᠭᠤ ᠵᠡᠷᠭᠡ — ᠬᠦᠮᠦᠨ ᠶᠠᠭᠤᠮ᠎ᠠ ᠶᠢᠨ ᠰᠢᠨᠵᠢ ᠲᠡᠮᠳᠡᠭ᠂ ᠦᠢᠯᠡ ᠬᠦᠳᠡᠯᠭᠡᠭᠡᠨ ᠤ ᠪᠤᠯᠬᠤ ᠪᠠᠶᠢᠳᠠᠯ ᠢ ᠤᠤᠯ ᠪᠠᠶᠢᠳᠠᠯ ᠠᠴᠠ ᠬᠠᠷᠢᠴᠠᠩᠭᠤᠢ ᠪᠠᠷ ᠲᠤᠯᠢᠮᠠᠭ ᠪᠤᠯᠬᠤ ᠶᠢ ᠢᠯᠡᠳᠭᠡᠨ᠎ᠡ᠃ ᠲᠠᠳᠠᠭᠤ ᠵᠡᠷᠭᠡ ᠶᠢ ᠢᠯᠡᠳᠭᠡᠬᠦ ᠳᠤ᠄ ︽ᠪᠳᠤᠷ᠂ ‍ᠬᠠᠨ ᠬᠡᠨ᠂ ᠩᠭᠤᠢ ᠩᠭᠦᠢ᠂ ᠪᠢᠷ ᠪᠤᠷ︾ ᠵᠡᠷᠭᠡ ᠲᠠᠭᠠᠪᠤᠷᠢ ᠪᠠᠷ ᠢᠯᠡᠳᠭᠡᠳᠡᠭ᠃ ᠵᠢᠱᠢᠶᠡᠯᠡᠪᠡᠯ᠄ ᠬᠦᠬᠡᠪᠳᠦᠷ᠂ ᠤᠯᠠᠪᠤᠷ᠂ ᠬᠠᠷᠠᠩᠭᠤᠢ᠂ ᠤᠯᠠᠭᠠᠬᠠᠨ ᠭᠡᠬᠦ ᠮᠡᠳᠦ᠃ ᠵᠠᠷᠢᠮ ᠬᠡᠯᠡ ᠵᠦᠢ ᠳᠤ ᠲᠠᠳᠠᠭᠤ ᠵᠡᠷᠭᠡ ᠭᠡᠭᠴᠢ ᠶᠢ ᠬᠠᠷᠢᠴᠠᠭᠤᠯᠤᠭᠰᠠᠨ ᠵᠡᠷᠭᠡ᠂ ᠬᠠᠷᠢᠴᠠᠩᠭᠤᠢ ᠵᠡᠷᠭᠡ ᠭᠡᠵᠤ ᠪᠠᠶᠢᠭᠰᠠᠨ ᠢ ᠮᠤᠩᠭᠤᠯ ᠰᠤᠳᠤᠯᠤᠯ ᠤᠨ ᠰᠠᠭᠤᠷᠢᠯᠠᠭᠴᠢ ᠴᠡᠩᠬᠡᠯᠳᠡᠢ ᠶᠢᠨ ︽ᠤᠳᠤ ᠦᠶ᠎ᠡ ᠶᠢᠨ ᠮᠤᠩᠭᠤᠯ ᠬᠡᠯᠡᠨ ᠤ ᠵᠦᠢ︾᠎ ᠳᠤ ᠲᠠᠳᠠᠭᠤ ᠵᠡᠷᠭᠡ ᠭᠡᠵᠤ ᠪᠠᠶᠢᠭᠰᠠᠨ ᠢᠶᠠᠷ ᠠᠪᠤᠪᠠ᠃ ᠲᠠᠪᠠᠭᠤ ᠵᠡᠷᠭᠡ — ᠬᠦᠮᠦᠨ ᠶᠠᠭᠤᠮ᠎ᠠ ᠶᠢᠨ ᠰᠢᠨᠵᠢ ᠴᠢᠨᠠᠷ᠂ ᠤᠨᠴᠠᠯᠢᠭ᠂ ᠦᠢᠯᠡ ᠬᠦᠳᠡᠯᠭᠡᠭᠡᠨ ᠤ ᠪᠠᠶᠢᠳᠠᠯ ᠢ ᠤᠤᠯ ᠪᠠᠶᠢᠳᠠᠯ ᠠᠴᠠ ᠨᠢ ᠬᠠᠷᠢᠴᠠᠩᠭᠤᠢ ᠪᠠᠷ ᠲᠠᠪᠠᠭᠤ ᠪᠤᠯᠬᠤ ᠶᠢ ᠢᠯᠡᠳᠭᠡᠨ᠎ᠡ᠃ ᠲᠠᠪᠠᠭᠤ ᠵᠡᠷᠭᠡ ᠶᠢ ᠢᠯᠡᠳᠭᠡᠬᠦ ᠳᠤ᠄ ᠤᠤᠯ ᠲᠡᠮᠳᠡᠭ ᠦᠭᠡ ᠶᠢᠨ ᠡᠬᠢᠨ ᠤ ᠦᠶ᠎ᠡ ᠳᠤ ︽‍ᠪ︾ ᠵᠠᠯᠭᠠᠵᠤ ᠢᠯᠡᠳᠭᠡᠬᠦ᠃ ᠤᠪ ᠤᠯᠠᠭᠠᠨ᠂ ᠬᠦᠪ ᠬᠦᠬᠡ᠂ ᠭᠦᠪ ᠭᠦᠨ ᠭᠡᠬᠦ ᠮᠡᠳᠦ᠃ ᠲᠡᠮᠳᠡᠭ ᠦᠭᠡ ᠶᠢᠨ ᠲᠦᠷᠦᠯ ᠵᠦᠢᠯ ᠦᠨᠳᠦᠰᠦᠨ ᠲᠡᠮᠳᠡᠭ ᠦᠭᠡ — ᠢᠵᠠᠭᠤᠷ ᠢᠶᠠᠷ ᠢᠶᠠᠨ ᠪᠠᠶᠢᠭ᠎ᠠ ᠶᠢ ᠬᠡᠯᠡᠨ᠎ᠡ᠃ ᠵᠢᠱᠢᠶ᠎ᠡ᠄ ᠬᠦᠬᠡ᠂ ᠶᠡᠭᠡ᠂ ᠪᠠᠭ᠎ᠠ᠂ ᠤᠯᠠᠨ ᠭᠡᠬᠦ ᠮᠡᠳᠦ᠃ ᠡᠭᠦᠰᠦᠮᠡᠯ ᠲᠡᠮᠳᠡᠭ ᠦᠭᠡ — ᠦᠭᠡ ᠶᠢᠨ ᠢᠵᠠᠭᠤᠷ ᠪᠤᠶᠤ ᠦᠨᠳᠦᠰᠦᠨ ᠳᠤ ᠲᠠᠭᠠᠪᠤᠷᠢ ᠵᠠᠯᠭᠠᠵᠤ ᠡᠭᠦᠰᠦᠭᠰᠡᠨ ᠲᠡᠮᠳᠡᠭ ᠦᠭᠡ ᠪᠤᠯᠤᠨ᠎ᠠ᠃ ᠵᠢᠱᠢᠶ᠎ᠡ᠄ ᠰᠢᠷᠠᠩᠭᠤᠢ᠂ ᠰᠦᠷᠡᠬᠡᠢ᠂ ᠪᠤᠳᠠᠷᠬᠠᠢ᠂ ᠭᠤᠶᠤᠮᠰᠤᠭ ᠭᠡᠬᠦ ᠮᠡᠳᠦ᠃ ᠨᠡᠶᠢᠯᠡᠮᠡᠯ ᠲᠡᠮᠳᠡᠭ ᠦᠭᠡ — ᠦᠭᠡ ᠬᠤᠯᠪᠤᠵᠤ ᠲᠡᠮᠳᠡᠭ ᠦᠭᠡ ᠪᠦᠳᠦᠭᠡᠬᠦ ᠶᠢ ᠬᠡᠯᠡᠨ᠎ᠡ᠃ ᠵᠢᠱᠢᠶ᠎ᠡ᠄ ᠨᠤᠪ ᠨᠤᠭᠤᠭᠠᠨ᠂ ᠴᠠᠶᠢᠪᠤᠷ ᠬᠦᠬᠡ᠂ ᠬᠠᠳᠠᠭᠤ ᠵᠦᠭᠡᠯᠡᠨ ᠭᠡᠬᠦ ᠮᠡᠳᠦ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1