ᠦᠢᠯᠡ ᠦᠭᠡ
ᠨᠡᠶᠢᠲᠡᠯᠡᠭᠰᠡᠨ ᠴᠠᠭ᠄
2017/9/29
      ᠬᠦᠮᠦᠨ ᠶᠠᠭᠤᠮ᠎ᠠ ᠶᠢᠨ ᠦᠢᠯᠡ ᠬᠦᠳᠡᠯᠦᠯ᠂ ᠬᠤᠪᠢᠯᠤᠯ ᠬᠦᠭᠵᠢᠯ ᠪᠠ ᠰᠡᠳᠬᠢᠯ ᠤᠨ ᠬᠦᠳᠡᠯᠭᠡᠭᠡᠨ ᠢ ᠵᠢᠭᠠᠭᠰᠠᠨ ᠦᠭᠡ ᠶᠢ ᠦᠢᠯᠡ ᠦᠭᠡ ᠭᠡᠳᠡᠭ᠃ ᠵᠢᠱᠢᠶᠡᠯᠡᠪᠡᠯ᠄ ᠦᠵᠡᠬᠦ᠂ ᠰᠠᠶᠢᠵᠢᠷᠠᠬᠤ᠂ ᠪᠠᠶᠠᠷᠯᠠᠬᠤ ᠭᠡᠬᠦ ᠮᠡᠳᠦ᠃ ᠦᠢᠯᠡ ᠦᠭᠡ ᠶᠢᠨ ᠤᠨᠴᠠᠯᠢᠭ᠄ ᠬᠦᠮᠦᠨ ᠶᠠᠭᠤᠮ᠎ᠠ ᠶᠢᠨ ᠦᠢᠯᠡ ᠬᠦᠳᠡᠯᠦᠯ᠂ ᠬᠤᠪᠢᠯᠤᠯ ᠬᠦᠭᠵᠢᠯ ᠪᠠ ᠰᠡᠳᠬᠢᠯ ᠤᠨ ᠬᠦᠳᠡᠯᠭᠡᠭᠡᠨ ᠢ ᠵᠢᠭᠠᠨ᠎ᠠ︔ ᠦᠭᠡ ᠵᠦᠢ ᠶᠢᠨ ᠲᠠᠯ᠎ᠠ ᠪᠠᠷ ᠨᠠᠷ᠎ᠠ ᠦᠭᠡ ᠨᠢ ᠲᠡᠶᠢᠨ ᠢᠯᠭᠠᠯ᠂ ᠤᠯᠠᠨ ᠲᠤᠭ᠎ᠠ᠂ ᠬᠠᠮᠢᠶᠠᠳᠠᠭᠤᠯᠬᠤ ᠶᠤᠰᠤ ᠪᠠᠷ ᠬᠤᠪᠢᠯᠳᠠᠭ ᠰᠢᠭ᠋ ᠦᠢᠯᠡ ᠦᠭᠡ ᠨᠢ ᠦᠢᠯᠡ ᠦᠭᠡ ᠶᠢᠨ ᠬᠡᠯᠪᠡᠷᠢ᠂ ᠬᠡᠪ᠂ ᠪᠠᠶᠢᠳᠠᠯ ᠢᠶᠠᠷ ᠬᠤᠪᠢᠯᠵᠤ ᠴᠢᠳᠠᠬᠤ ᠪᠠᠷ ᠪᠠᠷᠠᠬᠤ ᠦᠭᠡᠢ ᠪᠠᠰᠠ ᠲᠡᠮᠳᠡᠭ ᠦᠢᠯᠡ ᠦᠭᠡ ᠨᠢ ᠲᠡᠶᠢᠨ ᠢᠯᠭᠠᠯ᠂ ᠬᠠᠮᠢᠶᠠᠳᠠᠭᠤᠯᠬᠤ ᠶᠤᠰᠤ ᠪᠠᠷ ᠬᠤᠪᠢᠯᠤᠨ᠎ᠠ︔ ᠦᠢᠯᠡ ᠦᠭᠡ ᠪᠦᠳᠦᠭᠡᠬᠦ ᠲᠤᠰᠬᠠᠢ ᠲᠠᠭᠠᠪᠤᠷᠢ ᠲᠠᠢ︔ ᠦᠭᠦᠯᠡᠪᠦᠷᠢ ᠳᠤ ᠭᠤᠤᠯᠳᠠᠭᠤ ᠦᠭᠦᠯᠡᠬᠦᠨ ᠪᠤᠯᠳᠠᠭ᠃ ᠵᠢᠱᠢᠶᠡᠯᠡᠪᠡᠯ᠄ ᠲᠡᠷᠡ ︵ᠲᠦᠯᠦᠭᠡᠨ ᠤ ᠦᠭᠡ ᠦᠭᠦᠯᠡᠭᠳᠡᠬᠦᠨ︶ ᠰᠤᠷᠤᠭᠰᠠᠨ ᠳᠤ ᠪᠠᠨ ︵ᠦᠢᠯᠡ ᠦᠭᠡ ᠲᠤᠰᠤᠭᠳᠠᠬᠤᠨ᠂ ᠲᠡᠶᠢᠨ ᠢᠯᠭᠠᠯ ᠢᠶᠠᠷ ᠬᠤᠪᠢᠯᠤᠭᠰᠠᠨ︶ ᠤᠮᠤᠭᠰᠢᠪᠠ ︵ᠦᠢᠯᠡ ᠦᠭᠡ ᠦᠭᠦᠯᠡᠬᠦᠨ᠂ ᠤᠮᠤᠭ + ᠰᠢ ︵ᠪᠦᠳᠦᠭᠡᠬᠦ ᠲᠠᠭᠠᠪᠤᠷᠢ︶ + ᠪᠠ ︵ᠬᠤᠪᠢᠯᠭᠠᠬᠤ ᠲᠠᠭᠠᠪᠤᠷᠢ︶︶᠃ ᠦᠢᠯᠡ ᠦᠭᠡ ᠶᠢᠨ ᠲᠦᠷᠦᠯ ᠵᠦᠢᠯ 1. ᠤᠳᠬ᠎ᠠ ᠪᠠ ᠦᠭᠡ ᠵᠦᠢ ᠶᠢᠨ ᠤᠨᠴᠠᠯᠢᠭ ᠢᠶᠠᠷ ᠨᠢ ᠬᠡᠯᠪᠡᠷᠢ᠂ ᠬᠡᠪ᠂ ᠪᠠᠶᠢᠳᠠᠯ ᠭᠡᠵᠤ ᠬᠤᠪᠢᠶᠠᠨ᠎ᠠ᠃ ᠦᠢᠯᠡ ᠦᠭᠡ ᠶᠢᠨ ᠬᠡᠯᠪᠡᠷᠢ ᠳᠤ ᠴᠠᠭ ᠢ ᠵᠢᠭᠠᠬᠤ᠂ ᠵᠠᠬᠢᠷᠬᠤ ᠬᠦᠰᠡᠬᠦ᠂ ᠲᠡᠮᠳᠡᠭ ᠦᠢᠯᠡ᠂ ᠨᠦᠬᠦᠴᠡᠯ ᠦᠢᠯᠡ ᠶᠢᠨ ᠬᠡᠯᠪᠡᠷᠢ ᠲᠦᠷᠪᠡᠨ ᠬᠡᠯᠪᠡᠷᠢ ᠲᠠᠢ᠃       ︵1︶ . ᠴᠠᠭ ᠢ ᠵᠢᠭᠠᠬᠤ ᠬᠡᠯᠪᠡᠷᠢ ᠦᠢᠯᠡ ᠪᠠᠶᠢᠳᠠᠯ ᠤᠨ ᠦᠩᠭᠡᠷᠡᠭᠰᠡᠨ ᠳᠤ ᠪᠤᠯᠤᠭᠰᠠᠨ᠂ ᠤᠳᠤ ᠪᠤᠯᠵᠤ ᠪᠠᠶᠢᠭ᠎ᠠ ᠪᠠ ᠢᠷᠡᠭᠡᠳᠦᠢ ᠳᠤ ᠪᠤᠯᠬᠤ ᠶᠢ ᠢᠯᠭᠠᠨ ᠵᠢᠭᠠᠳᠠᠭ ᠦᠢᠯᠡ ᠦᠭᠡ ᠶᠢ ᠴᠠᠭ ᠢ ᠵᠢᠭᠠᠬᠤ ᠦᠢᠯᠡ ᠦᠭᠡ ᠭᠡᠨ᠎ᠡ ᠃ ᠦᠢᠯᠡ ᠦᠭᠡᠨ ᠳᠤ ᠭᠤᠷᠪᠠᠨ ᠴᠠᠭ ᠢ ᠵᠢᠭᠠᠬᠤ ᠲᠤᠰᠬᠠᠢ ᠲᠠᠭᠠᠪᠤᠷᠢ ᠲᠠᠢ᠃ ᠪᠤᠳᠠᠳᠤ ᠵᠢᠱᠢᠶ᠎ᠡ ᠲᠠᠢ ᠬᠦᠰᠦᠨᠦᠭᠳᠦ ᠪᠠᠷ ᠦᠵᠡᠭᠦᠯᠪᠡᠯ᠄
     ︵2︶ . ᠦᠢᠯᠡ ᠦᠭᠡ ᠶᠢᠨ ᠵᠠᠬᠢᠷᠬᠤ ᠬᠦᠰᠡᠬᠦ ᠬᠡᠯᠪᠡᠷᠢ ᠵᠠᠬᠢᠷᠬᠤ ᠬᠦᠰᠡᠬᠦ ᠦᠢᠯᠡ ᠦᠭᠡᠨ ᠳᠤ ᠭᠤᠷᠪᠠᠨ ᠪᠡᠶ᠎ᠡ ᠶᠢ ᠢᠯᠭᠠᠨ ᠵᠢᠭᠠᠬᠤ ᠲᠤᠰᠬᠠᠢ ᠲᠠᠭᠠᠪᠤᠷᠢ ᠲᠠᠢ᠂ ᠬᠦᠰᠦᠨᠦᠭᠳᠦ ᠪᠠᠷ ᠦᠵᠡᠭᠦᠯᠪᠡᠯ᠄
      ᠦᠢᠯᠡ ᠪᠠᠶᠢᠳᠠᠯ ᠢ ᠭᠦᠢᠴᠡᠳᠭᠡᠯᠭᠡᠬᠦ ᠪᠠᠷ ᠭᠤᠷᠪᠠᠨ ᠪᠡᠶ᠎ᠡ ᠶᠢᠨ ᠠᠯᠢ ᠨᠢᠭᠡᠨ ᠳᠤ ᠨᠢ ᠵᠠᠬᠢᠷᠴᠤ ᠬᠦᠰᠡᠬᠦ ᠪᠤᠶᠤ ᠪᠤᠯᠭᠤᠮᠵᠢᠯᠠᠬᠤ ᠰᠠᠨᠠᠭ᠎ᠠ ᠶᠢ ᠢᠯᠡᠷᠡᠭᠦᠯᠳᠡᠭ ᠦᠢᠯᠡ ᠦᠭᠡ ᠶᠢ ᠵᠠᠬᠢᠷᠬᠤ ᠬᠦᠰᠡᠬᠦ ᠦᠢᠯᠡ ᠦᠭᠡ ᠭᠡᠨ᠎ᠡ᠃       ︵3︶ . ᠲᠡᠮᠳᠡᠭ ᠦᠢᠯᠡ ᠦᠭᠡ ᠶᠢᠨ ᠬᠡᠯᠪᠡᠷᠢ ᠲᠡᠮᠳᠡᠭ ᠦᠢᠯᠡ ᠦᠭᠡ ᠶᠢᠨ ᠬᠡᠯᠪᠡᠷᠢ ᠶᠢ ᠬᠦᠰᠦᠨᠦᠭᠳᠦ ᠪᠠᠷ ᠦᠵᠡᠭᠦᠯᠪᠡᠯ᠄
     ᠲᠡᠮᠳᠡᠭ ᠦᠢᠯᠡ ᠦᠭᠡ ᠨᠢ ᠲᠡᠶᠢᠨ ᠢᠯᠭᠠᠯ᠂ ᠬᠠᠮᠢᠶᠠᠳᠠᠭᠤᠯᠬᠤ ᠶᠤᠰᠤ ᠪᠠᠷ ᠬᠤᠪᠢᠯᠤᠨ᠎ᠠ᠃ ᠵᠢᠱᠢᠶ᠎ᠡ᠄ ᠤᠯᠬᠤ ᠶᠢ᠂ ᠤᠯᠤᠭᠰᠠᠳ ᠭᠡᠬᠦ ᠮᠡᠳᠦ᠃     ︵4︶ . ᠨᠦᠬᠦᠴᠡᠯ ᠦᠢᠯᠡ ᠦᠭᠡ ᠶᠢᠨ ᠬᠡᠯᠪᠡᠷᠢ ᠨᠦᠬᠦᠴᠡᠯ ᠦᠢᠯᠡ ᠦᠭᠡ ᠶᠢᠨ ᠬᠡᠯᠪᠡᠷᠢ ᠶᠢᠨ ᠬᠦᠰᠦᠨᠦᠭᠳᠦ᠄
     ᠦᠢᠯᠡ ᠦᠭᠡ ᠶᠢᠨ ᠬᠡᠪ ᠦᠢᠯᠡ ᠬᠦᠳᠡᠯᠭᠡᠭᠡᠨ ᠪᠠ ᠦᠢᠯᠡ ᠶᠢᠨ ᠡᠵᠡᠨ ᠡᠳᠡᠭᠡᠳ ᠤᠨ ᠬᠤᠭᠤᠷᠤᠨᠳᠦᠬᠢ ᠶᠠᠩᠵᠤ ᠪᠦᠷᠢ ᠶᠢᠨ ᠬᠠᠷᠢᠴᠠᠭ᠎ᠠ ᠶᠢ ᠬᠡᠷᠬᠢᠨ ᠢᠯᠡᠳᠭᠡᠬᠦ ᠦᠢᠯᠡ ᠦᠭᠡ ᠶᠢᠨ ᠬᠤᠪᠢᠯᠤᠯ ᠢ ᠦᠢᠯᠡ ᠦᠭᠡ ᠶᠢᠨ ᠬᠡᠪ ᠭᠡᠨ᠎ᠡ᠃ ᠦᠢᠯᠡ ᠦᠭᠡ ᠶᠢᠨ ᠬᠡᠪ ᠨᠢ ᠢᠯᠡᠷᠡᠬᠦ ᠲᠤᠰᠬᠠᠢ ᠲᠠᠭᠠᠪᠤᠷᠢ ᠲᠠᠢ᠃ ᠦᠢᠯᠡ ᠦᠭᠡ ᠶᠢᠨ ᠬᠡᠪ ᠤᠨ ᠬᠦᠰᠦᠨᠦᠭᠳᠦ᠄
     ᠦᠢᠯᠡ ᠦᠭᠡ ᠶᠢᠨ ᠪᠠᠶᠢᠳᠠᠯ      ᠦᠢᠯᠡ ᠦᠭᠡ ᠶᠢᠨ ᠪᠠᠶᠢᠳᠠᠯ ᠢ ᠲᠡᠭᠡᠷᠡᠬᠢ ᠮᠡᠳᠦ ᠲᠠᠭᠠᠪᠤᠷᠢ ᠶᠢᠨ ᠠᠷᠭ᠎ᠠ ᠪᠠᠷ ᠢᠯᠡᠷᠡᠭᠦᠯᠬᠦ ᠠᠴᠠ ᠭᠠᠳᠠᠨ᠎ᠠ᠂ ᠦᠢᠯᠡ ᠦᠭᠡ ᠶᠢᠨ ᠪᠠᠶᠢᠳᠠᠯ ᠢ ᠦᠭᠡ ᠲᠠᠪᠳᠠᠬᠤ ᠠᠷᠭ᠎ᠠ ᠪᠠᠷ ᠢᠯᠡᠷᠡᠭᠦᠯᠬᠦ᠄
     ᠲᠤᠰᠬᠤ ᠪᠠ ᠡᠰᠡ ᠲᠤᠰᠬᠤ ᠦᠢᠯᠡ ᠦᠭᠡ     ᠦᠢᠯᠡ ᠦᠭᠡ ᠶᠢ ᠵᠢᠭᠠᠬᠤ ᠶᠢᠨ ᠲᠡᠶᠢᠨ ᠢᠯᠭᠠᠯᠳᠤ ᠦᠭᠡ ᠶᠢ ᠡᠮᠦᠨ᠎ᠡ ᠪᠠᠨ ᠵᠠᠬᠢᠷᠴᠤ ᠴᠢᠳᠠᠬᠤ ᠡᠰᠡᠬᠦ ᠪᠠᠷ ᠲᠤᠰᠬᠤ ᠪᠠ ᠡᠰᠡ ᠲᠤᠰᠬᠤ ᠦᠢᠯᠡ ᠦᠭᠡ ᠭᠡᠵᠤ ᠬᠤᠪᠢᠶᠠᠨ᠎ᠠ᠃ ᠲᠤᠰᠬᠤ ᠦᠢᠯᠡ ᠦᠭᠡ — ᠵᠢᠭᠠᠬᠤ ᠶᠢᠨ ᠲᠡᠶᠢᠨ ᠢᠯᠭᠠᠯᠳᠤ ᠦᠭᠡ ᠶᠢ ᠡᠮᠦᠨ᠎ᠡ ᠪᠠᠨ ᠵᠠᠬᠢᠷᠴᠤ ᠴᠢᠳᠠᠳᠠᠭ ᠦᠢᠯᠡ ᠦᠭᠡ ᠶᠢ ᠬᠡᠯᠡᠨ᠎ᠡ᠃ ᠵᠢᠱᠢᠶᠡᠯᠡᠪᠡᠯ᠄ ︵ᠦᠭᠡ ᠶᠢ︶ ᠪᠢᠴᠢᠬᠦ᠂ ︵ᠲᠡᠭᠦᠨ ᠢ︶ ᠰᠢᠭᠦᠮᠵᠢᠯᠡ᠂ ︵ᠤᠷᠤᠨ ᠢ︶ ᠵᠢᠭᠠᠨ᠎ᠠ ᠭᠡᠬᠦ ᠮᠡᠳᠦ᠃ ᠡᠰᠡ ᠲᠤᠰᠬᠤ ᠦᠢᠯᠡ ᠦᠭᠡ — ᠵᠢᠭᠠᠬᠤ ᠶᠢᠨ ᠲᠡᠶᠢᠨ ᠢᠯᠭᠠᠯᠳᠤ ᠦᠭᠡ ᠶᠢ ᠡᠮᠦᠨ᠎ᠡ ᠪᠠᠨ ᠵᠠᠬᠢᠷᠴᠤ ᠴᠢᠳᠠᠳᠠᠭ ᠦᠭᠡᠢ ᠦᠢᠯᠡ ᠦᠭᠡ ᠶᠢ ᠬᠡᠯᠡᠨ᠎ᠡ᠃ ᠵᠢᠱᠢᠶᠡᠯᠡᠪᠡᠯ᠄ ᠪᠢᠴᠢᠭᠳᠡ᠂ ᠰᠠᠶᠢᠵᠢᠷᠠ᠂ ᠪᠤᠶᠢᠵᠢ ᠭᠡᠬᠦ ᠮᠡᠳᠦ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1