ᠨᠡᠷ᠎ᠡ ᠦᠭᠡ
ᠨᠡᠶᠢᠲᠡᠯᠡᠭᠰᠡᠨ ᠴᠠᠭ᠄
2017/9/29
      ᠬᠦᠮᠦᠨ ᠠᠮᠢᠳᠠᠨ᠂ ᠶᠠᠭᠤᠮ᠎ᠠ ᠦᠵᠡᠭᠳᠡᠯ ᠢ ᠰᠢᠭᠤᠳ ᠨᠡᠷᠡᠯᠡᠭᠰᠡᠨ ᠦᠭᠡ ᠶᠢ ᠨᠡᠷ᠎ᠡ ᠦᠭᠡ ᠭᠡᠨ᠎ᠡ᠃ ᠨᠡᠷ᠎ᠡ ᠦᠭᠡ ᠨᠢ ︽ᠬᠡᠨ︖ ᠶᠠᠭᠤ︖︾ ᠭᠡᠳᠡᠭ ᠠᠰᠠᠭᠤᠯᠳᠠ ᠳᠤ ᠬᠠᠷᠢᠭᠤᠯᠤᠭᠳᠠᠨ᠎ᠠ᠃ ᠨᠡᠷ᠎ᠡ ᠦᠭᠡ ᠨᠢ ᠦᠭᠡᠰ ᠤᠨ ᠰᠠᠩ ᠤᠨ ᠪᠤᠳᠠᠳᠤ ᠤᠳᠬ᠎ᠠ ᠲᠠᠢ ᠪᠦᠭᠡᠳ ᠨᠡᠷ᠎ᠡ ᠦᠭᠡ ᠶᠢᠨ ᠬᠤᠪᠢᠯᠤᠯ ︵ᠲᠡᠶᠢᠨ ᠢᠯᠭᠠᠯ᠂ ᠤᠯᠠᠨ ᠲᠤᠭ᠎ᠠ᠂ ᠬᠠᠮᠢᠶᠠᠳᠠᠭᠤᠯᠬᠤ ᠲᠠᠭᠠᠪᠤᠷᠢ︶᠎ ᠢᠶᠠᠷ ᠬᠤᠪᠢᠯᠵᠤ ᠴᠢᠳᠠᠳᠠᠭ᠂ ᠨᠡᠷ᠎ᠡ ᠦᠭᠡ ᠡᠭᠦᠰᠭᠡᠬᠦ ᠲᠤᠰᠬᠠᠢ ᠲᠠᠭᠠᠪᠤᠷᠢ ᠲᠠᠢ᠂ ᠦᠭᠦᠯᠡᠪᠦᠷᠢ ᠳᠤ ᠪᠡᠶ᠎ᠡ ᠪᠠᠨ ᠲᠠᠭᠠᠭᠠᠭᠰᠠᠨ ᠭᠡᠰᠢᠭᠦᠨ ᠪᠤᠯᠵᠤ ᠴᠢᠳᠠᠳᠠᠭ ᠵᠡᠷᠭᠡ ᠤᠨᠴᠠᠯᠢᠭ ᠲᠠᠢ᠃ ᠨᠡᠷ᠎ᠡ ᠦᠭᠡ ᠶᠢᠨ ᠪᠦᠳᠦᠴᠡ ᠨᠡᠷ᠎ᠡ ᠦᠭᠡ ᠶᠢ ᠪᠦᠳᠦᠴᠡ ᠪᠠᠷ ᠨᠢ ᠦᠨᠳᠦᠰᠦᠨ ᠨᠡᠷ᠎ᠡ ᠦᠭᠡ᠂ ᠡᠭᠦᠰᠦᠮᠡᠯ ᠨᠡᠷ᠎ᠡ ᠦᠭᠡ᠂ ᠨᠡᠶᠢᠯᠡᠮᠡᠯ ᠨᠡᠷ᠎ᠡ ᠦᠭᠡ ᠭᠡᠵᠤ ᠬᠤᠪᠢᠶᠠᠨ᠎ᠠ᠃ ᠦᠨᠳᠦᠰᠦᠨ ᠨᠡᠷ᠎ᠡ ᠦᠭᠡ — ᠦᠭᠡ ᠶᠢᠨ ᠢᠵᠡᠭᠤᠷ ᠢᠶᠠᠷ ᠢᠶᠠᠨ ᠪᠠᠶᠢᠭ᠎ᠠ ᠨᠡᠷ᠎ᠡ ᠦᠭᠡ ᠶᠢ ᠦᠨᠳᠦᠰᠦᠨ ᠨᠡᠷ᠎ᠡ ᠦᠭᠡ ᠭᠡᠨ᠎ᠡ᠃ ᠵᠢᠱᠢᠶᠡᠯᠡᠪᠡᠯ᠄ ᠨᠤᠮ᠂ ᠭᠡᠷ᠂ ᠭᠤᠤᠯ᠂ ᠵᠠᠮ ᠭᠡᠬᠦ ᠮᠡᠳᠦ᠃ ᠡᠭᠦᠰᠦᠮᠡᠯ ᠨᠡᠷ᠎ᠡ ᠦᠭᠡ — ᠦᠭᠡ ᠶᠢᠨ ᠢᠵᠠᠭᠤᠷ ᠪᠤᠶᠤ ᠦᠨᠳᠦᠰᠦᠨ ᠳᠤ ᠪᠦᠳᠦᠭᠡᠬᠦ ᠲᠠᠭᠠᠪᠤᠷᠢ ᠵᠠᠯᠭᠠᠵᠤ ᠪᠦᠳᠦᠭᠰᠡᠨ ᠨᠡᠷ᠎ᠡ ᠦᠭᠡ ᠶᠢ ᠡᠭᠦᠰᠦᠮᠡᠯ ᠨᠡᠷ᠎ᠡ ᠦᠭᠡ ᠭᠡᠳᠡᠭ᠃ ᠵᠢᠱᠢᠶᠡᠯᠡᠪᠡᠯ᠄ ᠬᠦᠮᠦᠵᠢ + ‍ᠯ — ᠬᠦᠮᠦᠵᠢᠯ᠂ ᠮᠠᠯ + ᠴᠢᠨ — ᠮᠠᠯᠴᠢᠨ ᠭᠡᠬᠦ ᠮᠡᠳᠦ᠃ ᠨᠡᠶᠢᠯᠡᠮᠡᠯ ᠨᠡᠷ᠎ᠡ ᠦᠭᠡ — ᠦᠭᠡ ᠬᠤᠷᠰᠢᠵᠤ ᠦᠭᠡ ᠬᠤᠯᠪᠤᠬᠤ ᠠᠷᠭ᠎ᠠ ᠪᠠᠷ ᠪᠦᠳᠦᠭᠰᠡᠨ ᠨᠡᠷ᠎ᠡ ᠦᠭᠡ ᠶᠢ ᠨᠡᠶᠢᠯᠡᠮᠡᠯ ᠨᠡᠷ᠎ᠡ ᠦᠭᠡ ᠭᠡᠨ᠎ᠡ᠃ ᠵᠢᠱᠢᠶᠡᠯᠡᠪᠡᠯ᠄ ᠭᠠᠯ ᠤᠰᠤ᠂ ᠰᠤᠷᠭᠠᠨ ᠬᠦᠮᠦᠵᠢᠯ᠂ ᠬᠠᠷ᠎ᠠ ᠠᠷᠢᠬᠢ᠂ ᠴᠠᠭᠠᠨ ᠰᠠᠷ᠎ᠠ ᠭᠡᠬᠦ ᠮᠡᠳᠦ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1