ᠦᠭᠡᠰ ᠤᠨ ᠠᠶᠢᠮᠠᠭ
ᠨᠡᠶᠢᠲᠡᠯᠡᠭᠰᠡᠨ ᠴᠠᠭ᠄
2017/9/29
     ᠦᠭᠡᠰ ᠢ ᠬᠡᠯᠡ ᠵᠦᠢ ᠶᠢᠨ ᠬᠡᠶᠢᠰᠪᠦᠷᠢ ᠤᠳᠬ᠎ᠠ᠂ ᠦᠭᠡ ᠵᠦᠢ ᠶᠢᠨ ᠬᠤᠪᠢᠯᠤᠯ᠂ ᠦᠭᠦᠯᠡᠪᠦᠷᠢ ᠵᠦᠢ ᠶᠢᠨ ᠰᠢᠨᠵᠢ ᠭᠡᠬᠦ ᠭᠤᠷᠪᠠᠨ ᠵᠠᠷᠴᠢᠮ ᠢ ᠦᠨᠳᠦᠰᠦᠯᠡᠨ ᠨᠡᠷ᠎ᠡ ᠦᠭᠡ᠂ ᠲᠡᠮᠳᠡᠭ ᠦᠭᠡ᠂ ᠲᠤᠭᠠᠨ ᠤ ᠦᠭᠡ᠂ ᠲᠦᠯᠦᠭᠡᠨ ᠤ ᠦᠭᠡ᠂ ᠦᠢᠯᠡ ᠦᠭᠡ᠂ ᠲᠠᠶᠢᠪᠤᠷᠢ ᠦᠭᠡ᠂ ᠲᠠᠭᠠᠪᠤᠷᠢ ᠦᠭᠡ᠂ ᠰᠤᠯᠠ ᠦᠭᠡ᠂ ᠬᠤᠯᠪᠤᠬᠤ ᠦᠭᠡ ᠂ ᠠᠶᠠᠯᠭ᠎ᠠ ᠦᠭᠡ ᠭᠡᠵᠤ ᠠᠷᠪᠠ ᠠᠶᠢᠮᠠᠭᠯᠠᠵᠤ ᠬᠤᠪᠢᠶᠠᠳᠠᠭ ᠪᠠᠶᠢᠨ᠎ᠠ᠃ ᠲᠡᠭᠡᠷᠡᠬᠢ ᠭᠤᠷᠪᠠᠨ ᠵᠠᠷᠴᠢᠮ ᠢ ᠦᠨᠳᠦᠰᠦᠯᠡᠨ ᠠᠷᠪᠠ ᠠᠶᠢᠮᠠᠭᠯᠠᠭᠰᠠᠨ ᠢ ᠪᠤᠳᠠᠳᠤ ᠦᠭᠡ ᠶᠢᠨ ᠠᠶᠢᠮᠠᠭ᠂ ᠬᠡᠶᠢᠰᠪᠤᠷᠢ ᠦᠭᠡ ᠶᠢᠨ ᠠᠶᠢᠮᠠᠭ᠂ ᠠᠶᠠᠯᠭ᠎ᠠ ᠦᠭᠡ ᠶᠢᠨ ᠠᠶᠢᠮᠠᠭ ᠭᠡᠵᠤ ᠭᠤᠷᠪᠠᠨ ᠲᠤᠮᠤ ᠠᠶᠢᠮᠠᠭ ᠲᠤ ᠬᠤᠪᠢᠶᠠᠳᠠᠭ᠃ ᠪᠤᠳᠠᠳᠤ ᠦᠭᠡ ᠶᠢᠨ ᠠᠶᠢᠮᠠᠭ ᠲᠤ ᠪᠠᠭᠳᠠᠬᠤ ᠦᠭᠡᠰ ᠨᠢ ᠦᠭᠡᠰ ᠤᠨ ᠰᠠᠩ ᠤᠨ ᠪᠤᠳᠠᠳᠤ ᠤᠳᠬ᠎ᠠ ᠶᠢ ᠢᠯᠡᠳᠭᠡᠵᠤ ᠪᠠᠶᠢᠳᠠᠭ᠂ ᠦᠭᠡ ᠪᠦᠳᠦᠵᠤ ᠬᠤᠪᠢᠯᠬᠤ ᠳᠤ ᠰᠠᠭᠤᠷᠢ ᠪᠤᠯᠳᠠᠭ ᠪᠦᠭᠡᠳ ᠦᠭᠦᠯᠡᠪᠦᠷᠢ ᠳᠤ ᠪᠡᠶ᠎ᠡ ᠪᠠᠨ ᠲᠠᠭᠠᠭᠠᠨ ᠦᠭᠦᠯᠡᠪᠦᠷᠢ ᠶᠢᠨ ᠭᠡᠰᠢᠭᠦᠨ ᠪᠤᠯᠵᠤ ᠴᠢᠳᠠᠳᠠᠭ ᠤᠨᠴᠠᠯᠢᠭ ᠲᠠᠢ᠃ ᠪᠤᠳᠠᠳᠤ ᠦᠭᠡᠨ ᠳᠤ ᠨᠡᠷ᠎ᠡ ᠦᠭᠡ᠂ ᠲᠡᠮᠳᠡᠭ ᠦᠭᠡ᠂ ᠲᠤᠭᠠᠨ ᠤ ᠦᠭᠡ᠂ ᠲᠦᠯᠦᠭᠡᠨ ᠤ ᠦᠭᠡ᠂ ᠦᠢᠯᠡ ᠦᠭᠡ ᠪᠠᠭᠳᠠᠨ᠎ᠠ᠃ ᠬᠡᠶᠢᠰᠪᠦᠷᠢ ᠦᠭᠡ ᠶᠢᠨ ᠠᠶᠢᠮᠠᠭ ᠲᠤ ᠪᠠᠭᠳᠠᠬᠤ ᠦᠭᠡᠰ ᠨᠢ ᠦᠭᠡᠰ ᠤᠨ ᠰᠠᠩ ᠤᠨ ᠪᠤᠳᠠᠳᠤ ᠤᠳᠬ᠎ᠠ ᠦᠭᠡᠢ᠂ ᠵᠦᠪᠬᠡᠨ ᠬᠡᠯᠡ ᠵᠦᠢ ᠶᠢᠨ ᠬᠡᠶᠢᠰᠪᠦᠷᠢ ᠤᠳᠬ᠎ᠠ ᠶᠢ ᠢᠯᠡᠳᠭᠡᠵᠤ ᠪᠠᠶᠢᠳᠠᠭ᠂ ᠦᠭᠡ ᠵᠦᠢ ᠶᠢᠨ ᠬᠤᠪᠢᠯᠤᠯ ᠦᠭᠡᠢ᠂ ᠤᠯᠠᠩᠬᠢ ᠨᠢ ᠦᠭᠡ ᠪᠦᠳᠦᠭᠡᠬᠦ ᠦᠨᠳᠦᠰᠦ ᠪᠤᠯᠵᠤ ᠴᠢᠳᠠᠬᠤ ᠦᠭᠡᠢ ᠪᠦᠭᠡᠳ ᠦᠭᠦᠯᠡᠪᠦᠷᠢ ᠳᠤ ᠪᠡᠶ᠎ᠡ ᠪᠠᠨ ᠲᠠᠭᠠᠭᠠᠭᠰᠠᠨ ᠭᠡᠰᠢᠭᠦᠨ ᠪᠤᠯᠵᠤ ᠴᠢᠳᠠᠬᠤ ᠦᠭᠡᠢ᠂ ᠵᠦᠪᠬᠡᠨ ᠲᠠᠭᠠᠯᠳᠠ ᠪᠤᠯᠵᠤ ᠤᠷᠤᠳᠠᠭ ᠤᠨᠴᠠᠯᠢᠭ ᠲᠠᠢ᠃ ᠬᠡᠶᠢᠰᠪᠦᠷᠢ ᠦᠭᠡ ᠶᠢᠨ ᠠᠶᠢᠮᠠᠭ ᠲᠤ ᠪᠠᠭᠳᠠᠬᠤ ᠦᠭᠡᠰ ᠨᠢ ᠲᠠᠶᠢᠪᠤᠷᠢ ᠦᠭᠡ᠂ ᠲᠠᠭᠠᠪᠤᠷᠢ ᠦᠭᠡ᠂ ᠰᠤᠯᠠ ᠦᠭᠡ᠂ ᠬᠤᠯᠪᠤᠬᠤ ᠦᠭᠡ ᠪᠠᠭᠳᠠᠨ᠎ᠠ᠃ ᠠᠶᠠᠯᠭ᠎ᠠ ᠦᠭᠡ ᠶᠢᠨ ᠠᠶᠢᠮᠠᠭ ᠲᠤ ᠦᠭᠡᠰ ᠨᠢ ᠦᠭᠡᠰ ᠤᠨ ᠰᠠᠩ ᠤᠨ ᠪᠤᠳᠠᠳᠤ ᠤᠳᠬ᠎ᠠ ᠦᠭᠡᠢ ᠪᠦᠭᠡᠳ ᠬᠡᠯᠡ ᠵᠦᠢ ᠶᠢᠨ ᠬᠡᠶᠢᠰᠪᠦᠷᠢ ᠤᠳᠬ᠎ᠠ ᠴᠦ ᠦᠭᠡᠢ᠂ ᠵᠦᠪᠬᠡᠨ ᠰᠡᠷᠡᠯ ᠰᠡᠳᠬᠢᠯᠭᠡ ᠶᠢ ᠢᠯᠡᠳᠭᠡᠬᠦ ᠪᠤᠶᠤ ᠠᠳᠤᠭᠤᠰᠤ ᠠᠮᠢᠳᠠᠨ ᠢ ᠬᠦᠭᠡᠭᠡᠬᠦ ᠲᠠᠭᠤᠳᠠᠬᠤ ᠰᠠᠨᠠᠭ᠎ᠠ ᠶᠢ ᠢᠯᠡᠳᠭᠡᠳᠡᠭ᠂ ᠦᠭᠡ ᠵᠦᠢ ᠶᠢᠨ ᠬᠤᠪᠢᠯᠤᠯ ᠦᠭᠡᠢ᠂ ᠦᠭᠦᠯᠡᠪᠦᠷᠢ ᠶᠢᠨ ᠭᠡᠰᠢᠭᠦᠨ ᠪᠤᠯᠳᠠᠭ ᠦᠭᠡᠢ ᠤᠨᠴᠠᠯᠢᠭ ᠲᠠᠢ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1