ᠤᠶᠢᠭᠤᠷᠵᠢᠨ ᠮᠤᠩᠭᠤᠯ ᠦᠰᠦᠭ ᠤᠨ ᠡᠭᠦᠰᠤᠯ ᠭᠠᠷᠤᠯ
ᠨᠡᠶᠢᠲᠡᠯᠡᠭᠰᠡᠨ ᠴᠠᠭ᠄
2017/9/29
       ᠮᠤᠩᠭᠤᠯ ᠦᠰᠦᠭ ᠪᠢᠴᠢᠭ ᠪᠤᠢ ᠪᠤᠯᠤᠭᠠᠳ ᠨᠢᠭᠡᠨᠳᠠ ᠨᠠᠢᠮᠠᠨ ᠵᠠᠭᠤ ᠭᠠᠷᠤᠢ ᠵᠢᠯ ᠤᠨ ᠲᠡᠤᠭᠡ ᠲᠠᠢ ᠪᠤᠯᠵᠤ ᠪᠤᠢ᠃ ᠮᠠᠨ ᠤ ᠡᠪᠦᠭᠡ ᠲᠡᠭᠡᠳᠤᠰ ᠦᠪᠡᠷ ᠤᠨ ᠰᠢᠷᠭᠠᠭᠤ ᠬᠠᠳᠠᠭᠤᠵᠢᠯᠳᠠᠢ ᠬᠦᠳᠡᠯᠮᠦᠷᠢ ᠲᠠᠮᠡᠴᠠᠯ ᠢᠶᠠᠷ ᠢᠶᠠᠨ ᠲᠠᠮᠵᠢᠵᠤ᠂ ᠦᠪᠡᠷ ᠤᠨ ᠦᠨᠳᠤᠰᠤᠳᠡᠨ ᠤ ᠤᠨᠴᠠᠯᠢᠭ ᠲᠠᠢ ᠦᠭᠡ ᠬᠡᠯᠠ ᠶᠢ ᠡᠬᠦᠳᠤᠨ ᠪᠦᠳᠦᠭᠡᠭᠰᠡᠨ ᠢᠶᠠᠷ ᠪᠠᠷᠠᠬᠤ ᠦᠭᠡᠢ ᠦᠰᠦᠭ ᠪᠢᠴᠢᠭ ᠢ ᠴᠤ ᠡᠬᠦᠳᠤᠨ ᠪᠦᠳᠤᠬᠡᠵᠤ᠂ ᠤᠷᠳᠤ ᠤᠳᠠᠭᠠᠨ ᠬᠤᠭᠤᠴᠠᠭᠠᠨ ᠤ ᠦᠢᠯᠡᠳᠤᠯᠭᠡ ᠶᠢᠨ ᠶᠠᠪᠤᠴᠠ ᠪᠠᠷ ᠢᠶᠠᠨ ᠲᠠᠮᠵᠢᠨ ᠦᠭᠡᠷᠡᠴᠢᠯᠡᠨ ᠰᠢᠨᠡᠳᠭᠡᠭᠰᠡᠭᠡᠷ ᠮᠠᠨ ᠤ ᠦᠶ᠎ᠠ ᠶᠢᠨ ᠬᠦᠮᠦᠰ ᠤᠨ ᠭᠡᠷᠡᠭᠯᠡᠵᠤ ᠪᠠᠶᠢᠭ᠎ᠠ ᠤᠶᠢᠭᠤᠷᠵᠢᠨ ᠮᠤᠩᠭᠤᠯ ᠦᠰᠦᠭ — ᠲᠡᠯᠡᠭᠡᠢ ᠳᠤ ᠬᠤᠤᠰ ᠦᠭᠡᠢ ᠪᠤᠰᠤᠭ᠎ᠠ ᠮᠤᠩᠭᠤᠯ ᠦᠰᠦᠭ ᠪᠤᠯᠵᠤ ᠪᠦᠷᠢᠯᠳᠤᠪᠡ᠃       ᠮᠤᠩᠭᠤᠯ ᠦᠰᠦᠭ ᠪᠢᠴᠢᠭ ᠤᠨ ᠬᠦᠭᠵᠢᠯᠳᠠ ᠶᠢᠨ ᠲᠡᠤᠭᠡ ᠶᠢᠨ ᠲᠤᠬᠠᠢ ᠡᠷᠳᠡᠮᠳᠡᠳ ᠤᠨ ᠰᠤᠳᠤᠯᠭᠠᠠ ᠢ ᠦᠨᠳᠤᠰᠤᠯᠡᠪᠠᠯ᠄ ᠠᠯᠢ ᠡᠷᠳᠠ 1204 ᠤᠨ ᠳᠤ ᠴᠢᠩᠬᠢᠰ ᠬᠠᠭᠠᠨ ᠨᠠᠢᠮᠠᠨ ᠠᠶᠢᠮᠠᠭ ᠢ ᠡᠷᠭᠡᠰᠢᠶᠡᠯ ᠳᠤ ᠪᠠᠨ ᠤᠷᠤᠭᠤᠯᠵᠤ᠂ ᠪᠦᠬᠦ ᠮᠤᠩᠭᠤᠯ ᠠᠶᠢᠮᠠᠭ ᠢ ᠨᠢᠭᠡᠳᠭᠡᠨ ᠬᠠᠭᠠᠨ ᠰᠠᠭᠤᠭᠰᠡᠨ ᠤ ᠰᠡᠬᠦᠯᠡᠷ ᠨᠠᠢᠮᠠᠨ ᠠᠶᠢᠮᠠᠭ ᠤᠨ ᠲᠠᠮᠠᠭ᠎ᠠ ᠶᠢᠨ ᠲᠦᠰᠢᠮᠡᠯ ᠤᠶᠢᠭᠤᠷ ᠬᠦᠮᠦᠨ ᠲᠠᠳᠠᠳᠤᠩᠭ᠎ᠠ ᠪᠠᠷ ᠤᠶᠢᠭᠤᠷ ᠬᠡᠯᠡᠨ ᠤ ᠪᠢᠴᠢᠯᠭᠡ ᠵᠢᠷᠤᠯᠭ᠎ᠠ ᠳᠤ ᠰᠠᠭᠤᠷᠢᠯᠠᠨ ᠤᠶᠢᠭᠤᠷᠵᠢᠨ ᠮᠤᠩᠭᠤᠯ ᠦᠰᠦᠭ ᠢ ᠵᠤᠬᠢᠶᠠᠯᠭᠠᠵᠡᠢ᠃ ᠡᠨᠠ ᠨᠢ ᠮᠠᠨ ᠤ ᠮᠤᠩᠭᠤᠯᠴᠤᠳ ᠤᠨ ᠬᠠᠮᠤᠭ ᠠᠩᠬᠠᠨ ᠤ ᠦᠰᠦᠭ ᠪᠢᠴᠢᠭ ᠶᠤᠮ᠃ ᠮᠦᠨ ᠬᠦ ᠤᠳᠤ ᠶᠢᠨ ᠤᠶᠢᠭᠤᠷᠵᠢᠨ ᠮᠤᠩᠭᠤᠯ ᠦᠰᠦᠭ ᠤᠨ ᠡᠭᠡ ᠪᠤᠯᠬᠤ ᠶᠤᠮ᠃ ᠲᠡᠬᠦᠨ ᠠᠴᠠ ᠰᠡᠬᠦᠯᠡᠷ ᠮᠤᠩᠭᠤᠯ ᠦᠰᠦᠭ ᠬᠡᠳᠤ ᠤᠳᠠᠭᠠᠨ ᠤ ᠦᠭᠡᠷᠡᠴᠢᠯᠡᠯᠳᠠ ᠰᠢᠨᠡᠴᠢᠯᠡᠯᠳᠠ ᠶᠢ ᠦᠩᠭᠡᠷᠡᠭᠡᠭᠰᠡᠨ ᠪᠠᠶᠢᠨ᠎ᠠ᠃ ᠲᠤᠬᠠᠶᠢᠯᠠᠪᠠᠯ᠂ 1269 ᠤᠨ ᠳᠤ ᠬᠤᠪᠢᠯᠠᠢ ᠬᠠᠭᠠᠨ ᠲᠦᠪᠡᠳ ᠤᠨ ᠫᠠᠭᠫᠠ ᠯᠠᠮᠠ ᠪᠠᠷ ᠬᠢᠳᠠᠳ᠂ ᠮᠤᠩᠭᠤᠯ᠂ ᠲᠦᠪᠡᠳ᠂ ᠤᠶᠢᠭᠤᠷ ᠵᠡᠷᠭᠡ ᠨᠡᠶᠢᠳᠠ ᠦᠨᠳᠤᠰᠤᠳᠡᠨ ᠳᠤ ᠭᠡᠷᠡᠭᠯᠡᠬᠦᠯᠬᠦ ᠲᠦᠷᠪᠡᠯᠵᠢᠨ ᠦᠰᠦᠭ ᠵᠤᠬᠢᠶᠠᠯᠭᠠᠵᠡᠢ᠃ ᠲᠦᠷᠪᠡᠯᠵᠢᠨ ᠦᠰᠦᠭ ᠨᠢ ᠵᠦᠪᠭᠡᠨ ᠤᠷᠳᠤᠨ ᠤ ᠲᠠᠮᠠᠭ᠎ᠠ ᠰᠡᠶᠢᠯᠤᠮᠡᠯ ᠠᠴᠠ ᠤᠨᠳᠤᠤ ᠶᠠᠷᠤ ᠶᠢᠨ ᠬᠡᠷᠡᠭᠯᠡᠭᠡᠨ ᠳᠤ ᠵᠤᠬᠢᠴᠠᠬᠤ ᠦᠭᠡᠢ ᠪᠤᠯᠬᠤᠷ ᠦᠷᠭᠡᠨ ᠢᠶᠠᠷ ᠲᠡᠯᠭᠡᠷᠡᠵᠤ ᠲᠡᠶᠢᠯᠦᠭᠰᠡᠨ ᠦᠭᠡᠢ᠃ 1587 ᠤᠨ ᠳᠤ ᠬᠠᠷᠡᠴᠢᠨ ᠬᠦᠤᠰᠢ ᠠᠶᠤᠰᠢ ᠭᠡᠭᠴᠢ ᠬᠦᠮᠦᠨ ︽ᠠᠯᠢ ᠭᠠᠯᠢ︾ ᠬᠡᠬᠦ ᠭᠠᠯᠢᠭ ᠦᠰᠦᠭ ᠢ ᠵᠤᠬᠢᠶᠠᠵᠡᠢ᠃ 1599 ᠤᠨ ᠳᠤ ᠽᠠᠶ᠎ᠠ ᠪᠠᠨᠳᠢᠳᠠ ᠨᠠᠮᠬᠠᠶᠢᠵᠠᠮᠰᠤ ᠤᠶᠢᠷᠡᠳ ᠠᠶᠠᠯᠭᠤᠨ ᠤ ᠰᠠᠭᠤᠷᠢᠨ ᠳᠤ ᠲᠤᠳᠤ ᠦᠰᠦᠭ ᠢ ᠵᠤᠬᠢᠶᠡᠵᠡᠢ᠃ 1686 ᠤᠨ ᠳᠤ ᠵᠢᠪᠴᠤᠨᠳᠠᠮᠪᠠ ᠬᠤᠳᠤᠭᠳᠤ ᠪᠤᠶᠤ ᠦᠨᠳᠤᠷ ᠭᠡᠭᠡᠨ ᠰᠤᠶᠤᠮᠪᠤ ᠦᠰᠦᠭ ᠢ ᠵᠤᠬᠢᠶᠡᠵᠡᠢ᠃ 1905 ᠤᠨ ᠳᠤ ᠪᠠᠶᠢᠭᠠᠯ ᠨᠠᠭᠤᠷ ᠤᠨ ᠬᠤᠶᠢᠳᠤ ᠬᠦᠪᠡᠭᠡ ᠪᠠᠷ ᠨᠤᠳᠤᠭᠯᠠᠵᠤ ᠪᠠᠶᠢᠭᠰᠡᠨ ᠪᠤᠷᠢᠶᠡᠳ ᠤᠨ ᠠᠶᠠᠯᠭᠤᠨ ᠳᠤ ᠰᠠᠭᠤᠷᠢᠯᠠᠨ ᠸᠠᠬᠢᠨᠳᠠᠷ᠎ᠠ ᠭᠡᠰᠡᠨ ᠬᠦᠮᠦᠨ ᠸᠠᠬᠢᠨᠳᠠᠷ᠎ᠠ ᠦᠰᠦᠭ ᠢ ᠵᠤᠬᠢᠶᠡᠪᠠ᠃ ᠲᠡᠭᠡᠷᠡᠬᠢ ᠲᠦᠷᠪᠡᠨ ᠲᠦᠷᠤᠯ ᠤᠨ ᠦᠰᠦᠭ ᠨᠢ ᠵᠦᠪᠭᠡᠨ ᠤᠷᠤᠨ ᠨᠤᠳᠤᠭ ᠤᠨ ᠰᠢᠨᠵᠢ ᠲᠠᠢ ᠦᠰᠦᠭ ᠪᠢᠴᠢᠭ ᠪᠤᠯᠤᠨ᠎ᠠ᠃ ᠦᠷᠭᠡᠨ ᠢᠶᠠᠷ ᠭᠡᠷᠡᠭᠯᠡᠭᠳᠡᠵᠤ ᠴᠢᠳᠠᠭᠰᠡᠨ ᠦᠭᠡᠢ᠃ 1946 ᠤᠨ ᠳᠤ ᠮᠤᠩᠭᠤᠯ ᠤᠯᠤᠰ ᠤᠷᠤᠰ ᠴᠠᠭᠠᠨ ᠲᠤᠯᠦᠭᠠᠢ ᠪᠦᠬᠦᠢ ᠺᠢᠷᠢᠯ ᠦᠰᠦᠭ ᠪᠤᠶᠤ ᠰᠯᠡᠸ᠋ᠵᠢᠨ ᠮᠤᠩᠭᠤᠯ ᠦᠰᠦᠭ ᠢ ᠵᠤᠬᠢᠶᠡᠵᠡᠢ᠃ ᠡᠬᠦᠨ ᠢ ᠪᠠᠰᠠ ᠰᠢᠨ᠎ᠠ ᠮᠤᠩᠭᠤᠯ ᠦᠰᠦᠭ ᠭᠡᠳᠡᠭ᠂ ᠵᠦᠪᠭᠡᠨ ᠪᠦᠬᠦᠳᠠ ᠨᠠᠶᠢᠷᠠᠮᠳᠠᠬᠤ ᠮᠤᠩᠭᠤᠯ ᠤᠯᠤᠰ ᠬᠡᠷᠡᠭᠯᠡᠵᠤ ᠪᠠᠶᠢᠨ᠎ᠠ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1