| | | ᠣᠶᠢᠭᠤᠷᠵᠢᠨ ᠮᠣᠩᠭᠤᠯ ᠦᠰᠦᠭ | ᠮᠣᠩᠭᠤᠯᠴᠣᠳ ᠣᠶᠢᠭᠤᠷᠵᠢᠨ ᠮᠣᠩᠭᠤᠯ ᠦᠰᠦᠭ ᠢ ᠬᠠᠮᠤᠭ ᠠᠩᠬᠠᠨ ᠤ 13 ᠳ᠋ᠣᠭᠠᠷ ᠵᠠᠭᠤᠨ ᠤ ᠡᠬᠢᠨ ᠤ | ᠦᠶ᠎ᠡ ᠳᠤ ᠴᠢᠩᠭᠢᠰ ᠬᠠᠭᠠᠨ ᠨᠠᠢᠮᠠᠨ ᠠᠶᠢᠮᠠᠭ ᠢ ᠪᠠᠶᠢᠯᠳᠣᠨ ᠳᠠᠭᠠᠭᠤᠯᠣᠭᠰᠠᠨ ᠦᠶ᠎ᠡ ᠳᠤ ᠣᠶᠢᠭᠤᠷ ᠬᠦᠮᠦᠨ | ᠳᠠᠠᠳᠠᠳᠣᠩᠭᠠ ᠶᠢ ᠣᠯᠵᠠᠯᠠᠨ ᠠᠪᠴᠦ ᠢᠷᠡᠵᠦ ᠶᠤᠸᠠᠨ ᠣᠯᠣᠰ ᠤᠨ ᠳᠠᠮᠠᠭ᠎ᠠ ᠬᠠᠮᠢᠶᠠᠷᠬᠤ ᠳᠣᠰᠢᠶᠠᠯᠳᠠᠨ ᠤ ᠠᠵᠢᠯ | ᠬᠠᠷᠢᠭᠤᠴᠠᠭᠤᠯᠬᠤ ᠶᠢᠨ ᠬᠠᠮᠲᠦ ᠬᠠᠭᠠᠳ ᠨᠣᠶᠠᠳ ᠤᠨ ᠦᠷ᠎ᠡ ᠬᠡᠣᠬᠡᠳ ᠲᠤ ᠣᠶᠢᠭᠤᠷ ᠦᠰᠦᠭ ᠢᠶᠠᠷ ᠡᠷᠳᠡᠨ ᠤ | ᠮᠣᠩᠭᠤᠯ ᠬᠡᠯᠡ ᠶᠢ ᠳᠡᠮᠳᠡᠭᠯᠠᠨ ᠵᠢᠭᠠᠯᠭᠠᠵᠦ ᠪᠠᠶᠢᠵᠠᠢ᠃ ᠡᠶᠢᠮᠦ ᠠᠴᠠ ᠣᠶᠢᠭᠤᠷ ᠦᠰᠦᠭ ᠪᠣᠯ ᠳᠠᠷᠣᠢ ᠮᠣᠩᠭᠤᠯ | ᠬᠠᠭᠠᠨᠲᠦ ᠣᠯᠣᠰ ᠤᠨ ᠲᠦᠷᠦ ᠶᠢᠨ ᠦᠰᠦᠭ ᠪᠢᠴᠢᠭ ᠪᠣᠯᠣᠭᠰᠠᠨ ᠪᠢᠯᠡ᠃ ᠮᠣᠩᠭᠤᠯ ᠦᠰᠦᠭ ᠪᠢᠴᠢᠭ ᠤᠨ | ᠵᠢᠷᠦᠬᠡᠨ ᠤ ᠳᠣᠯᠲᠦ ᠮᠠᠨ ᠤ ᠮᠣᠩᠭᠤᠯ ᠦᠰᠦᠭ ᠪᠢᠴᠢᠭ ᠢ ᠬᠡᠷᠡᠭᠯᠡᠭᠰᠠᠨ ᠬᠤᠭᠤᠴᠭ᠎ᠠ ᠣᠷᠳᠦ ᠣᠳᠠᠭᠠᠨ ᠪᠣᠯᠪᠠᠴᠦ | ᠲᠡᠬᠦᠨ ᠢ ᠰᠢᠰᠲ᠋ᠧᠮ ᠲᠠᠢ ᠡᠮᠬᠢᠳᠬᠡᠨ ᠰᠣᠳᠣᠯᠣᠭᠰᠠᠨ ᠬᠦᠮᠦᠨ ᠬᠤᠪᠣᠷ ᠪᠠᠶᠢᠳᠠᠭ᠂ ᠡᠨᠡ ᠲᠣᠬᠠᠢ ᠵᠠᠷᠢᠮ | ᠲᠡᠣᠬᠡ ᠶᠢᠨ ᠳᠡᠮᠳᠡᠭᠯᠡᠯ ᠠᠴᠠ ᠦᠵᠡᠪᠡᠯ ᠲᠦᠪᠡᠳ ᠤᠨ ᠰᠠᠴᠠ ᠪᠠᠨᠳᠢᠳᠠ ᠬᠦᠩᠭᠠᠵᠠᠯᠽᠠᠨ 13 ᠳ᠋ᠣᠭᠠᠷ ᠵᠠᠭᠤᠨ ᠤ | ᠳᠣᠮᠳᠠᠴᠢ ᠦᠶ᠎ᠡ ᠪᠠᠷ ᠮᠣᠩᠭᠤᠯ ᠣᠷᠣᠨ ᠳᠤ ᠢᠷᠡᠵᠦ᠂ ᠮᠣᠩᠭᠤᠯ ᠦᠰᠦᠭ ᠢ ᠴᠢᠩᠭ᠎ᠠ᠂ ᠬᠦᠨᠳᠡᠢ᠂ ᠰᠠᠭᠠᠷᠮᠠᠭ ᠭᠡᠬᠦ | ᠬᠡᠯᠡᠨ ᠵᠦᠢ ᠶᠢᠨ ᠵᠣᠬᠢᠶᠠᠯ ᠪᠢᠴᠢᠵᠡᠢ ᠭᠡᠳᠡᠭ᠃ ᠲᠡᠶᠢᠮᠣ ᠠᠴᠠ ᠬᠦᠩᠭᠠᠵᠠᠯᠽᠠᠨ ᠤ ᠬᠡᠯᠡᠨ ᠵᠦᠢ ᠶᠢ ᠮᠣᠩᠭᠤᠯ | ᠦᠰᠦᠭ ᠪᠢᠴᠢᠭ ᠤᠨ ᠨᠢᠭᠡᠳᠦᠭᠡᠷ ︽ᠵᠢᠷᠦᠬᠡᠨ ᠤ ᠳᠣᠯᠳᠦ︾ ᠭᠡᠳᠡᠭ ᠶᠤᠮ᠃ 1305 ᠣᠨ ᠳᠤ ᠴᠦᠢᠵᠢᠠᠤᠤᠰᠠᠷ | ᠪᠠᠨᠳᠢᠳᠠ ᠮᠣᠩᠭᠤᠯ ᠬᠡᠯᠡᠨ ᠵᠦᠢ ᠪᠠ ᠪᠢᠴᠢᠯᠬᠡ ᠶᠢᠨ ᠲᠦᠷᠢᠮ ᠤᠨ ᠲᠠᠯ᠎ᠠ ᠪᠠᠷ ᠶᠡᠭᠡ ᠬᠡᠮᠵᠢᠶᠡᠨ ᠤ ᠦᠭᠡᠷᠡᠴᠢᠯᠡᠯᠳᠡ | ᠬᠢᠵᠡᠢ᠃ | ᠲᠡᠭᠦᠨ ᠤ ᠭᠤᠣᠯ ᠪᠦᠲᠦᠭᠡᠯ ᠨᠢ᠄ | 1. ᠵᠦᠪ ᠪᠢᠴᠢᠯᠬᠡ ᠶᠢᠨ ᠳᠦᠷᠢᠮ ᠪᠣᠯᠣᠨ ᠬᠡᠯᠡᠨ ᠵᠦᠢ ᠶᠢᠨ ᠰᠠᠭᠤᠷᠢ ᠶᠢ ᠳᠣᠭᠲᠠᠭᠠᠵᠠᠢ᠃ | 2. ᠭᠡᠶᠢᠭᠦᠯᠦᠭᠴᠢ ᠪᠣᠯᠣᠨ ᠡᠭᠡᠰᠢᠭ ᠬᠤᠶᠠᠷ ᠤᠨ ᠣᠶᠠᠯᠳᠣᠬᠤ ᠵᠦᠢ ᠶᠢ ᠳᠣᠷᠠᠳᠣᠨ ᠲᠠᠶᠢᠯᠪᠣᠷᠢᠯᠠᠵᠠᠢ᠃ | 3. ᠴᠠᠭᠠᠨ ᠳᠣᠯᠣᠭᠠᠢ ᠶᠢ 115 ᠦᠶᠡᠲᠦ ᠦᠰᠦᠭ ᠪᠣᠯᠭᠠᠨ ᠬᠤᠪᠢᠯᠭᠠᠵᠠᠢ᠃ | 4. ᠨᠡᠷ᠎ᠡ ᠦᠭᠡ ᠶᠢᠨ ᠲᠠᠶᠢᠨ ᠢᠠᠯᠭᠠᠯ ᠪᠣᠯᠣᠨ ᠬᠡᠯᠡᠨ ᠤ ᠵᠦᠢ ᠶᠢᠨ ᠣᠳᠬ᠎ᠠ ᠶᠢ ᠠᠩᠬ᠎ᠠ ᠣᠳᠠᠭ᠎ᠠ | ᠳᠣᠷᠠᠳᠣᠨ ᠭᠠᠷᠭᠠᠵᠠᠢ᠃ | 5. ᠲᠠᠶᠢᠨ ᠢᠯᠭᠠᠯ ᠤᠨ ᠳᠠᠭᠠᠪᠣᠷᠢ ᠶᠢ ᠬᠡᠷᠡᠭᠯᠡᠬᠦ ᠲᠦᠷᠢᠮ ᠢ ᠨᠠᠷᠢᠨ ᠲᠠᠶᠢᠯᠪᠣᠷᠢᠯᠠᠭᠰᠠᠨ ᠪᠠᠶᠢᠨ᠎ᠠ᠃ | 6. ᠡᠬᠡᠰᠢᠭ ᠠᠪᠢᠶ᠎ᠠ ᠪᠣᠯᠣᠨ ᠭᠡᠶᠢᠭᠦᠯᠦᠭᠴᠢ ᠠᠪᠢᠶ᠎ᠠ ᠶᠢᠨ ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ | ᠣᠬᠠᠭᠠᠨ ᠢ ᠦᠨᠳᠦᠰᠦᠯᠡᠵᠦ᠂ ᠠᠯᠳᠠ᠂ ᠮᠣᠳᠣ᠂ ᠣᠰᠣ᠂ ᠭᠠᠯ᠂ ᠰᠢᠷᠣᠢ ᠵᠡᠷᠭᠡ ᠪᠠᠷ ᠮᠣᠩᠭᠤᠯ ᠬᠡᠯᠡᠨ ᠤ | ᠠᠪᠢᠶ᠎ᠠ ᠶᠢ ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ ᠲᠠᠯ᠎ᠠ ᠪᠠᠷ ᠲᠠᠪᠣᠨ ᠠᠩᠬᠢ ᠪᠠᠷ ᠠᠩᠬᠢᠯᠠᠵᠦ᠂ ᠲᠠᠪᠣᠨ | ᠮᠠᠬᠠᠪᠣᠳ ᠤᠨ ᠠᠶᠢᠮᠠᠭ ᠪᠣᠯᠭᠠᠨ ᠬᠤᠪᠢᠶᠠᠷᠢᠯᠠᠵᠠᠢ᠃ ᠡᠶᠢᠮᠦ ᠠᠴᠠ ᠴᠦᠢᠵᠢᠠᠣᠣᠰᠠᠷ ᠤᠨ ᠮᠣᠩᠭᠤᠯ ᠬᠡᠯᠠᠨ ᠤ | ᠵᠦᠢ ᠶᠢ ᠪᠠᠰᠠ ᠮᠣᠩᠭᠤᠯ ᠦᠰᠦᠭ ᠪᠢᠴᠢᠭ ᠤᠨ ᠬᠤᠶᠠᠳᠣᠭᠠᠷ ︽ᠵᠢᠷᠦᠬᠡᠨ ᠤ ᠳᠣᠯᠳᠦ︾ ᠬᠡᠳᠡᠭ ᠶᠤᠮ᠃ | 1628 ᠤᠨ ᠠᠴᠠ ᠡᠮᠦᠨ᠎ᠡ ᠬᠦᠩᠭᠠᠠᠣᠣᠰᠡᠷ ᠪᠠᠨᠳᠢᠳᠠ ᠯᠢᠭᠳᠡᠨ ᠬᠠᠭᠠᠨ ᠤ ᠵᠠᠷᠯᠢᠭ ᠢᠶᠠᠷ ︽ᠭᠠᠨᠵᠣᠣᠷ | ᠰᠣᠨᠳᠣᠷ︾ ᠢ ᠣᠷᠴᠢᠭᠤᠯᠬᠤ ᠦᠶ᠎ᠡ ᠳᠤ ᠦᠰᠦᠭ ᠤᠨ ᠲᠢᠭ ᠬᠡᠯᠪᠡᠷᠢ᠂ ᠵᠦᠪ ᠪᠢᠴᠢᠯᠬᠡ ᠶᠢ ᠨᠢᠭᠡᠳᠭᠡᠬᠦ ᠶᠢᠨ | ᠲᠦᠯᠦᠭᠡ ᠰᠢᠨ᠎ᠡ ︽ᠵᠢᠷᠦᠭᠡᠨ ᠤ ᠳᠣᠯᠳᠦ︾ ᠶᠢ ᠵᠣᠬᠢᠶᠠᠪᠠ᠃ ᠡᠬᠦᠨ ᠢ ᠪᠠᠰᠠ ᠮᠣᠩᠭᠤᠯ ᠦᠰᠦᠭ ᠪᠢᠴᠢᠭ ᠤᠨ | ᠭᠤᠷᠪᠠᠳᠣᠭᠠᠷ ︽ᠵᠢᠷᠦᠭᠡᠨ ᠤ ᠳᠣᠯᠲᠦ︾ ᠭᠡᠳᠡᠭ᠃ | ᠮᠣᠩᠭᠤᠯ ᠳᠦᠷᠪᠡᠯᠵᠢᠨ ᠦᠰᠦᠭ | 1260 ᠣᠨ ᠳᠤ ᠬᠤᠪᠢᠯᠠᠢ ᠰᠡᠴᠡᠨ ᠬᠠᠭᠠᠨ ᠮᠣᠩᠭᠤᠯ ᠦᠰᠦᠭ ᠢ ᠦᠭᠡᠷᠡᠴᠢᠯᠡᠨ ᠵᠣᠬᠢᠶᠠᠬᠤ ᠡᠬᠦᠷᠭᠡ ᠶᠢ | ᠲᠦᠪᠡᠳ ᠤᠨ ᠫᠠᠭᠪᠠ ᠯᠠᠮᠠ ᠳᠤ ᠳᠠᠭᠠᠭᠠᠯᠭᠠᠭᠰᠠᠨ ᠪᠠᠶᠢᠨ᠎ᠠ᠃ ᠫᠠᠭᠪᠠ ᠯᠠᠮᠠ 1260 ~1269 ᠣᠨ ᠤ | ᠬᠤᠭᠤᠷᠣᠨᠲᠦ ᠡᠨᠡᠳᠬᠡᠭ ᠤᠨ ᠰᠠᠨᠰᠺᠷᠢᠲ ᠴᠠᠭᠠᠨ ᠲᠣᠯᠣᠭᠠᠢ ᠪᠡ ᠲᠦᠪᠡᠳ ᠦᠰᠦᠭ ᠤᠨ ᠴᠠᠭᠠᠨ ᠳᠣᠯᠣᠭᠠᠢ ᠶᠢ | ᠦᠨᠳᠦᠰᠦᠯᠡᠵᠦ᠂ 42 ᠦᠰᠦᠭ ᠢᠶᠠᠷ ᠪᠦᠷᠢᠯᠳᠦᠭᠰᠠᠨ ᠳᠦᠷᠪᠡᠯᠵᠢᠨ ᠦᠰᠦᠭ ᠤᠨ ᠴᠠᠭᠠᠨ ᠲᠣᠯᠣᠭᠠᠢ ᠶᠢ | ᠵᠣᠬᠢᠶᠠᠭᠰᠠᠨ ᠪᠠᠶᠢᠨ᠎ᠠ᠃ ᠵᠣᠬᠢᠶᠠᠵᠦ ᠪᠠᠷᠠᠭᠰᠠᠨ ᠵᠢᠯ ᠳᠤ ᠬᠤᠪᠢᠯᠠᠢ ᠬᠠᠭᠠᠨ ᠪᠦᠬᠦ ᠶᠤᠸᠠᠨ ᠣᠯᠣᠰ ᠲᠤ ᠵᠠᠷᠯᠢᠭ | ᠪᠠᠭᠤᠯᠭᠠᠵᠦ ᠨᠡᠶᠢᠳᠡᠮ ᠬᠡᠷᠡᠭᠯᠡᠵᠡᠢ᠃ ᠲᠠᠷᠡ ᠦᠶ᠎ᠡ ᠳᠤ ᠮᠣᠩᠭᠤᠯ ᠳᠦᠷᠪᠡᠯᠵᠢᠨ ᠦᠰᠦᠭ ᠢ ᠵᠠᠷᠣᠬᠤ ᠶᠢᠨ ᠬᠠᠮᠲᠦ | ᠣᠶᠢᠭᠤᠷᠵᠢᠨ ᠮᠣᠩᠭᠤᠯ ᠦᠰᠦᠭ ᠪᠠ ᠬᠢᠳᠠᠳ᠂ ᠲᠦᠪᠡᠳ ᠦᠰᠦᠭ ᠢ ᠬᠠᠮᠲᠦ ᠲᠤᠨᠢ ᠳᠠᠭᠠᠭᠤᠯᠵᠦ ᠬᠡᠷᠡᠭᠯᠡᠵᠦ | ᠪᠠᠶᠢᠯ᠎ᠠ᠃ | ᠠᠶᠣᠰᠢ ᠬᠦᠣᠰᠢ ᠶᠢᠨ ᠠᠯᠢ ᠭᠠᠯᠢ ᠦᠰᠦᠭ | 1577 ᠣᠨ ᠠᠴᠠ ᠬᠤᠶᠢᠰᠢ ᠰᠢᠷ᠎ᠠ ᠶᠢᠨ ᠱᠠᠰᠢᠨ ᠮᠣᠩᠭᠤᠯ ᠣᠷᠣᠨ ᠳᠤ ᠳᠡᠯᠭᠡᠷᠡᠵᠡᠢ᠂ ᠲᠣᠬᠠᠢ ᠶᠢᠨ | ᠦᠶ᠎ᠡ ᠳᠤ ᠰᠦᠮ᠎ᠡ ᠬᠡᠶᠢᠳ ᠨᠢ ᠮᠣᠩᠭᠤᠯ ᠦᠨᠳᠦᠰᠣᠳᠠᠨ ᠤ ᠰᠣᠶᠣᠯ ᠤᠨ ᠲᠦᠪ ᠪᠤᠯᠵᠦ᠂ ᠪᠣᠷᠬᠠᠨ ᠤ ᠨᠣᠮ | ᠰᠣᠳᠣᠷ ᠢ ᠮᠣᠩᠭᠤᠯ ᠬᠡᠯᠡ ᠪᠠᠷ ᠣᠷᠴᠢᠭᠤᠯᠬᠤ ᠠᠰᠠᠭᠤᠳᠠᠯ ᠳᠣᠯᠭᠠᠮ᠎ᠠ ᠱᠠᠭᠠᠷᠳᠠᠭᠳᠠᠵᠦ ᠪᠠᠶᠢᠵᠠᠢ᠃ ᠲᠡᠷᠡ | ᠦᠶ᠎ᠡ ᠳᠤ ᠠᠯᠳᠠᠨ ᠬᠠᠭᠠᠨ ᠮᠣᠩᠭᠤᠯ᠂ ᠲᠦᠪᠡᠳ᠂ ᠰᠠᠨᠰᠺᠷᠢᠲ ᠭᠤᠷᠪᠠᠨ ᠬᠡᠯᠡ ᠳᠤ ᠨᠡᠪᠳᠡᠷᠡᠭᠰᠠᠨ ᠬᠠᠷᠠᠴᠢᠨ ᠤ | ᠬᠦᠣᠰᠢ ᠠᠶᠣᠰᠢ ᠵᠡᠷᠭᠡ ᠡᠷᠳᠡᠮᠳᠡᠨ ᠳᠤ ᠵᠠᠷᠯᠢᠭ ᠪᠠᠭᠤᠯᠭᠠᠵᠦ᠂ ᠲᠦᠪᠡᠳ ᠬᠡᠯᠡᠨ ᠠᠴᠠ ︽ᠭᠠᠨᠵᠣᠣᠷ︾ ᠢ | ᠣᠷᠴᠢᠭᠤᠯᠣᠭᠤᠯᠪᠠ᠃ ᠣᠷᠴᠢᠭᠤᠯᠬᠤ ᠶᠠᠪᠣᠴᠠ ᠳᠤ ᠬᠠᠷᠢ ᠬᠡᠯᠡᠨ ᠤ ᠵᠢᠭᠡᠯᠡᠭᠡ ᠦᠭᠡ ᠶᠢ ᠮᠣᠩᠭᠤᠯ ᠢᠶᠠᠷ | ᠳᠡᠮᠳᠡᠭᠯᠡᠬᠦ ᠳᠤ ᠬᠦᠴᠢᠷ ᠪᠣᠯᠬᠤᠷ 1587 ᠤᠨ ᠳᠤ ᠬᠠᠷᠠᠴᠢᠨ ᠤ ᠠᠶᠣᠰᠢ ᠬᠦᠣᠰᠢ ᠮᠣᠩᠭᠤᠯ ᠦᠰᠦᠭ ᠤᠨ | ᠰᠠᠭᠤᠷᠢᠨ ᠳᠡᠭᠡᠷ᠎ᠡ ᠰᠠᠨᠰᠺᠷᠢᠲ ᠪᠣᠯᠣᠨ ᠲᠦᠪᠡᠳ ᠦᠰᠦᠭ ᠤᠨ ᠴᠠᠭᠠᠨ ᠳᠣᠯᠣᠭᠠᠢ ᠶᠢ ᠬᠢᠨᠠᠵᠦ ︽ᠠᠯᠢ ᠭᠠᠯᠢ | ᠦᠰᠦᠭ︾ ᠭᠡᠳᠡᠭ ᠭᠠᠯᠢᠭ ᠦᠰᠦᠭ ᠢ ᠵᠣᠬᠢᠶᠠᠪᠠ᠃ ᠠᠯᠢ ᠭᠠᠯᠢ ᠦᠰᠦᠭ ᠪᠣᠯ ᠡᠷᠳᠠᠨ ᠤ ᠮᠣᠩᠭᠤᠯ ᠤᠨ | ᠳᠠᠭᠤᠳᠠᠯᠭ᠎ᠠ ᠪᠣᠯᠣᠨ ᠪᠢᠴᠢᠯᠭᠡ ᠲᠠᠢ ᠦᠨᠳᠦᠰᠣᠨ ᠳᠡᠭᠡᠨ ᠠᠳᠠᠯᠢ ᠪᠠᠶᠢᠳᠠᠭ᠃ | ᠳᠣᠳᠣ ᠦᠰᠦᠭ | 1648 ᠣᠨ ᠳᠤ ᠣᠶᠢᠷᠠᠳ ᠮᠣᠩᠭᠤᠯ ᠤᠨ ᠡᠷᠳᠡᠮᠳᠡᠨ ᠽᠠᠶ᠎ᠠ ᠪᠠᠨᠳᠢᠳᠠ ᠨᠠᠮᠬᠠᠶᠢᠵᠠᠮᠰᠣ ᠨᠡᠶᠢᠳᠡ | ᠮᠣᠩᠭᠤᠯ ᠤᠨ ᠬᠡᠷᠡᠭᠯᠡᠵᠦ ᠪᠠᠶᠢᠭᠰᠠᠨ ᠣᠶᠢᠭᠤᠷᠵᠢᠨ ᠮᠣᠩᠭᠤᠯ ᠦᠰᠦᠭ ᠢ ᠣᠶᠢᠷᠠᠳ ᠠᠶᠠᠯᠭᠤᠨ ᠤ ᠣᠨᠴᠠᠯᠢᠭ ᠢᠶᠠᠷ | ᠦᠨᠳᠣᠰᠣᠯᠡᠵᠦ᠂ ᠶᠠᠷᠢᠶᠠᠨ ᠳᠠᠭᠠᠨ ᠣᠶᠢᠷᠠᠳᠣᠭᠤᠯᠣᠭᠰᠠᠨ ︽ᠳᠣᠳᠣ ᠦᠰᠦᠭ ᠪᠣᠯᠭᠠᠨ︾ ᠦᠭᠡᠷᠡᠴᠢᠯᠡᠵᠡᠢ᠃ | ᠰᠣᠶᠣᠩᠪᠤ ᠣᠰᠦᠭ | ᠬᠠᠯᠬ᠎ᠠ ᠶᠢᠨ ᠲᠦᠰᠢᠶᠡᠲᠦ ᠬᠠᠭᠠᠨ ᠭᠤᠮᠪᠤ ᠶᠢᠨ ᠬᠦᠪᠡᠭᠦᠨ ᠵᠠᠨᠠᠪᠠᠽᠠᠷ 1686 ᠤᠨ ᠲᠦᠪᠠᠭ᠋ᠠᠨ ᠭᠡᠳᠡᠭ | ᠭᠠᠵᠷ ᠲᠤ ᠱᠠᠰᠢᠨ ᠰᠣᠷᠳᠠᠬᠤᠨ ᠤ ᠨᠤᠮ ᠰᠣᠳᠣᠷ ᠢ ᠣᠷᠴᠢᠭᠤᠯᠬᠤ ᠶᠢᠨ ᠳᠦᠭᠦᠮ ᠢ ᠪᠣᠳᠣᠵᠦ᠂ ᠡᠷᠳᠡᠨ ᠤ | ᠡᠨᠡᠳᠬᠡᠭ ᠦᠰᠦᠭ ᠤᠨ ᠴᠠᠭᠠᠨ ᠳᠣᠯᠣᠭᠠᠢ ᠪᠣᠯᠣᠨ ᠲᠦᠪᠡᠳ ᠦᠰᠦᠭ ᠢ ᠦᠨᠳᠦᠰᠦᠯᠡᠵᠦ᠂ ᠮᠣᠩᠭᠤᠯ ᠬᠡᠯᠡ ᠶᠢ | ᠳᠡᠮᠳᠡᠭᠯᠡᠬᠦ ︽ᠰᠣᠶᠣᠩᠪᠤ ᠦᠰᠦᠭ︾ ᠢ ᠵᠣᠬᠢᠶᠠᠪᠠ᠃ ᠡᠨᠡ ᠦᠰᠦᠭ ᠨᠢ ᠬᠠᠯᠠᠬ᠎ᠠ ᠶᠢᠨ ᠰᠦᠮ᠎ᠡ ᠬᠡᠶᠢᠳ ᠤᠨ ᠯᠠᠮᠠ | ᠨᠠᠷ ᠤᠨ ᠳᠣᠮᠳᠠ ᠬᠤᠶᠠᠷ ᠵᠠᠭᠤ ᠭᠠᠷᠣᠢ ᠵᠢᠯ ᠣᠯᠠᠮᠵᠢᠯᠠᠭᠳᠠᠭᠰᠠᠨ ᠪᠦᠭᠡᠳ ᠣᠯᠠᠭᠠᠨᠪᠠᠭᠠᠳᠣᠷ ᠲᠤ ᠰᠣᠶᠣᠩᠪᠤ | ᠦᠰᠦᠭ ᠰᠣᠷᠣᠯᠴᠠᠬᠤ ᠰᠣᠷᠭᠠᠭᠤᠯᠢ ᠪᠠᠶᠢᠭᠤᠯᠪᠠ᠃ ᠡᠨᠡ ᠦᠰᠦᠭ ᠪᠣᠯ ᠲᠦᠷᠪᠡᠯᠵᠢᠨ ᠬᠡᠯᠪᠡᠷᠢ ᠲᠠᠢ ᠪᠦᠭᠡᠳ | ᠵᠡᠬᠦᠨ ᠠᠴᠠ ᠪᠠᠷᠠᠭᠤᠨᠰᠢ ᠬᠦᠨᠳᠠᠯᠡᠨ ᠪᠢᠴᠢᠳᠡᠭ 90 ᠦᠰᠦᠭ ᠲᠠᠢ᠂ ᠪᠢᠴᠢᠬᠦ ᠲᠢᠭ ᠨᠢ ᠬᠡᠪᠯᠡᠯ ᠦᠰᠦᠭ᠂ | ᠬᠢᠴᠢᠶᠡᠩᠬᠦᠢ ᠦᠰᠦᠭ᠂ ᠳᠠᠳᠠᠯᠭᠠᠨ ᠦᠰᠦᠭ ᠭᠡᠵᠦ ᠭᠤᠷᠪᠠᠨ ᠵᠦᠢᠯ ᠤᠨ ᠲᠢᠭ ᠲᠠᠢ᠃ | ᠰᠢᠨ᠎ᠡ ᠮᠣᠩᠭᠤᠯ ᠦᠰᠦᠭ | 20 ᠳ᠋ᠣᠭᠠᠷ ᠵᠠᠭᠤᠨ ᠤ ᠭᠤᠴᠢ ᠠᠴᠠ ᠲᠦᠴᠢᠭᠡᠳ ᠣᠨ ᠤ ᠦᠶ᠎ᠡ ᠳᠤ ᠪᠦᠬᠦᠳᠡ ᠨᠠᠶᠢᠷᠠᠮᠳᠠᠬᠤ ᠮᠣᠩᠭᠤᠯ | ᠣᠯᠣᠰ ᠪᠠ ᠪᠦᠷᠢᠶᠡᠳ ᠨᠠᠷ ᠰᠯᠡᠸ᠋ ᠴᠠᠭᠠᠨ ᠲᠣᠯᠣᠭᠠᠢ ᠶᠢ ᠵᠢᠭᠡᠯᠡᠵᠦ᠂ ᠬᠠᠯᠬ᠎ᠠ ᠶᠢᠨ ᠬᠡᠯᠡᠨ ᠤ ᠡᠷᠳᠡᠮᠳᠡᠨ ᠴ᠊᠂ | ᠳᠠᠮᠳᠢᠨᠰᠦ᠋ᠷᠦᠩ᠂ ᠮᠢᠰᠢᠭ᠂ ᠪᠠᠭᠪᠠ ᠨᠠᠷ ᠬᠠᠮᠳᠣᠷᠠᠨ ︽ᠰᠢᠨ᠎ᠡ ᠮᠣᠩᠭᠤᠯ ᠦᠰᠦᠭ︾ ᠢ ᠵᠣᠬᠢᠶᠠᠪᠠ᠃ 1949 | ᠤᠨ ᠳᠤ ᠰᠢᠨ᠎ᠡ ᠮᠣᠩᠭᠤᠯ ᠦᠰᠦᠭ ᠤᠨ ᠳᠦᠷᠢᠮ ᠢᠶᠠᠨ ᠳᠠᠬᠢᠨ ᠬᠢᠨᠠᠵᠦ ᠵᠠᠰᠠᠭᠠᠳ ᠪᠦᠬᠦᠳᠡ ᠨᠠᠶᠢᠷᠠᠮᠳᠠᠬᠤ | ᠮᠣᠩᠭᠤᠯ ᠠᠷᠠᠳ ᠣᠯᠣᠰ ᠤᠨ ᠬᠠᠣᠯᠢ ᠶᠣᠰᠣ ᠪᠠᠷ ᠪᠠᠲᠣᠯᠠᠵᠦ ᠬᠡᠷᠡᠭᠵᠢᠭᠦᠯᠪᠡ᠃ ᠬᠠᠯᠬ᠎ᠠ ᠮᠣᠩᠭᠤᠯᠴᠣᠳ 1941 | ᠤᠨ ᠠᠴᠠ ᠡᠬᠢᠯᠡᠵᠦ ︽ᠬᠠᠭᠤᠴᠢᠨ ᠮᠣᠩᠭᠤᠯ ᠦᠰᠦᠭ︾ ᠢ ᠬᠡᠷᠡᠭᠯᠡᠬᠦ ᠪᠠᠨ ᠵᠣᠭᠰᠣᠵᠦ᠂ ︽ᠰᠢᠨ᠎ᠡ ᠮᠣᠩᠭᠤᠯ | ᠦᠰᠦᠭ︾ ᠢ ᠵᠠᠷᠣᠬᠤ ᠪᠣᠯᠵᠠᠢ᠃ 1992 ᠤᠨ ᠠᠴᠠ ᠮᠣᠩᠭᠤᠯ ᠠᠷᠠᠳ ᠣᠯᠣᠰ ᠬᠠᠭᠤᠴᠢᠨ ᠮᠣᠩᠭᠤᠯ | ᠦᠰᠦᠭ ᠢᠶᠠᠨ ᠬᠡᠷᠡᠭᠯᠡᠪᠡ᠃ 1956 ~1959 ᠤᠨ ᠬᠦᠷᠳᠡᠯ᠎ᠡ ᠦᠪᠦᠷ ᠮᠤᠩᠭᠤᠯ ᠣᠷᠣᠨ ᠳᠤ ᠰᠢᠨ᠎ᠡ ᠮᠣᠩᠭᠤᠯ | ᠦᠰᠦᠭ ᠢ ᠪᠠᠰᠠ ᠬᠡᠷᠡᠭᠯᠡᠵᠦ ᠦᠩᠭᠡᠷᠡᠪᠡ᠃ | |