ᠲᠥᠪᠡᠳ ︽ᠭᠡᠰᠡᠷ︾
ᠨᠡᠶᠢᠲᠡᠯᠡᠭᠰᠡᠨ ᠴᠠᠭ᠄
2017/10/10
 ᠲᠥᠪᠡᠳ ︽ᠭᠡᠰᠡᠷ︾ ᠪᠤᠯ ᠲᠥᠪᠡᠳ ᠥᠨᠳᠥᠰᠥᠳᠡᠨ ᠤ ᠠᠷᠠᠳ ᠲᠥᠮᠡᠨ ᠤ ᠬᠠᠮᠳᠤ ᠪᠠᠷ ᠡᠭᠦᠳᠥᠨ ᠪᠥᠳᠥᠭᠡᠭᠰᠡᠨ ᠠᠭᠤᠤ ᠶᠡᠭᠡ ᠪᠠᠭᠠᠳᠤᠷᠯᠢᠭ ᠲᠤᠤᠯᠢ ᠮᠥᠨ᠃ ᠥᠨᠢ ᠤᠳᠠᠭᠠᠨ ᠲᠡᠤᠭᠡ ᠲᠠᠢ ᠤᠯᠠᠨ ᠵᠥᠢᠯ ᠤᠨ ᠠᠭᠤᠯᠭ᠎ᠠ ᠭᠡᠯᠪᠡᠷᠢ ᠲᠠᠢ ᠲᠠᠭᠤᠷᠢᠯᠢᠬ ᠤᠷᠠᠯᠢᠭ ᠮᠥᠨ᠃ ᠭᠢᠳᠡᠳ ᠪᠢᠴᠢᠭ ᠲᠤ ︽格萨尔︾ ᠭᠡᠵᠤ ᠲᠡᠮᠳᠡᠭᠯᠡᠳᠡᠭ᠃ ᠲᠥᠪᠡᠳ ︽ᠭᠡᠰᠡᠷ︾᠎ ᠤᠨ ᠲᠤᠤᠯᠢ ᠨᠢ ᠮᠠᠨ ᠤ ᠤᠯᠤᠰ ᠤᠨ ᠲᠥᠪᠡᠳ᠂ ᠭᠥᠭᠡᠨᠠᠭᠤᠷ᠂ ᠰᠧᠴᠤᠸᠠᠨ᠂ ᠭᠠᠨᠰᠤ᠂ ᠶᠥᠨᠨᠠᠨ᠂ ᠥᠪᠥᠷ ᠮᠤᠩᠭᠤᠯ ᠵᠡᠷᠭᠡ ᠮᠤᠵᠢ ᠤᠷᠤᠨ ᠭᠢᠭᠡᠳ ᠭᠠᠳᠠᠭᠠᠳᠤ ᠳᠤ ᠫᠠᠺᠢᠰᠲ᠋ᠠᠨ᠂ ᠪᠥᠲ᠋ᠠᠨ᠂ ᠰᠢᠺᠺᠢᠮ ᠵᠡᠷᠭᠡ ᠤᠯᠤᠰ ᠤᠷᠤᠨ ᠳᠤ ᠤᠯᠠᠮᠵᠢᠯᠠᠭᠳᠠᠨ ᠲᠠᠷᠬᠠᠵᠤ ᠪᠠᠶᠢᠳᠠᠭ᠃ ᠭᠥᠭᠡᠨᠠᠭᠤᠷ ᠤᠨ ᠭᠤᠯᠤᠭ ᠵᠸᠤ ᠪᠤᠯ ᠲᠥᠪᠡᠳ ︽ᠭᠡᠰᠡᠷ︾ ᠰᠤᠶᠤᠯ ᠤᠨ ᠴᠢᠬᠤᠯᠠ ᠤᠷᠤᠨ᠃ 2009 ᠤᠨ ᠳᠤ ᠤᠯᠤᠰ ᠤᠨ ᠶᠠᠮᠤᠨ ᠠᠴᠠ ᠭᠤᠯᠤᠭ ᠵᠸᠤ ᠶᠢ ︽ᠲᠤᠮᠳᠠᠳᠤ ᠤᠯᠤᠰ ᠤᠨ ᠭᠡᠰᠡᠷ ᠰᠤᠶᠤᠯ ᠤᠨ ᠥᠯᠥᠭᠡᠢ︾᠎ ᠪᠠᠷ ᠨᠡᠷᠡᠶᠢᠳᠥᠭᠰᠡᠨ ᠪᠠᠶᠢᠨ᠎ᠡ᠃ ᠮᠤᠩᠭᠤᠯ ᠤᠷᠤᠨ ᠳᠤ ︽ᠭᠡᠰᠡᠷ︾᠎ ᠢ ︽ᠭᠡᠰᠡᠷ ᠬᠠᠨ︾᠂ ︽ᠭᠡᠰᠡᠷ ᠬᠠᠭᠠᠨ︾᠂ ︽ᠭᠡᠰᠡᠷ ᠪᠤᠭᠳᠠ︾ ᠭᠡᠵᠤ ᠲᠠᠭᠤᠳᠠᠳᠠᠭ ᠪᠤᠯ ᠲᠥᠪᠡᠳᠴᠤᠳ ︽ᠭᠡᠰᠡᠷ ᠸᠠᠩ︾ ᠭᠡᠵᠤ ᠲᠠᠭᠤᠳᠠᠳᠠᠭ ᠪᠥᠭᠡᠳ ᠪᠤᠷᠬᠠᠨ ᠤ ᠱᠠᠰᠢᠨ ᠤ ᠰᠢᠳᠥᠯᠭᠡ ᠶᠢᠨ ᠴᠢᠬᠤᠯᠠ ᠨᠢᠭᠡ ᠠᠭᠤᠯᠭ᠎ᠠ ᠪᠤᠯᠭᠠᠨ ᠰᠢᠳᠥᠳᠡᠭ᠃ ᠲᠥᠪᠡᠳ ︽ᠭᠡᠰᠡᠷ︾᠎ ᠲᠤ᠂ ᠭᠡᠰᠡᠷ ᠰᠠᠭᠢᠭᠤᠯᠰᠤᠨ ᠪᠠᠭᠠᠳᠤᠷ ᠤᠨ ᠲᠥᠷᠢ ᠲᠥᠷᠭᠦ ᠪᠠᠷ ᠢᠯᠡᠷᠡᠵᠤ᠂ ᠥᠪᠡᠷ ᠤᠨ ᠤᠷᠤᠨ ᠨᠤᠳᠤᠭ ᠢᠶᠠᠨ ᠬᠠᠮᠠᠭᠠᠯᠠᠬᠤ ᠶᠢᠨ ᠲᠥᠯᠥᠭᠡ ᠮᠠᠩᠭᠤᠰ ᠲᠠᠢ ᠪᠠᠶᠢᠯᠳᠤᠨ ᠠᠷᠠᠳ ᠤᠯᠠᠨ ᠢᠶᠠᠨ ᠠᠵᠤ ᠵᠢᠷᠭᠠᠯᠳᠠᠢ ᠠᠮᠢᠳᠤᠷᠠᠭᠤᠯᠳᠠᠭ᠃   ᠲᠥᠪᠡᠳ ︽ᠭᠡᠰᠡᠷ︾ ᠬᠠᠶᠢᠯᠠᠬᠤ ᠨᠢ ᠥᠪᠡᠷᠮᠢᠴᠡ ᠤᠨᠴᠠᠯᠢᠭ ᠲᠠᠢ ᠪᠠᠶᠢᠳᠠᠭ᠃ ᠲᠥᠪᠡᠳ ︽ᠭᠡᠰᠡᠷ︾ ᠪᠤᠯ ᠨᠠᠶᠢᠷᠠᠭᠤᠯᠤᠯ ᠪᠤᠯᠤᠨ ᠭᠡᠮᠨᠡᠯ ᠰᠢᠯᠥᠭ ᠤᠨ ᠤᠶᠠᠯᠳᠤᠭᠰᠠᠨ ᠴᠤᠭᠴᠠ ᠶᠢᠨ ᠤᠷᠠᠯᠢᠭ ᠤᠨ ᠭᠡᠯᠪᠡᠷᠢ ᠮᠥᠨ᠃ ︽ᠭᠡᠰᠡᠷ ︾ ᠬᠠᠶᠢᠯᠠᠬᠤ ᠳᠤ ᠪᠠᠨ ︽ᠭᠡᠰᠡᠷ ᠤᠨ ᠲᠤᠤᠯᠢ︾ ᠲᠤᠳᠤᠷᠠᠭᠢ ᠨᠠᠶᠢᠷᠠᠭᠤᠯᠤᠯ ᠤᠨ ᠭᠡᠰᠡᠭ ᠢ ᠨᠢ ︽ᠶᠠᠷᠢᠬᠤ︾ ᠭᠡᠯᠪᠡᠷᠢ ᠪᠠᠷ᠂ ᠥᠯᠢᠭᠡᠷ ᠤᠨ ᠥᠢᠯᠡ ᠶᠠᠪᠤᠳᠠᠯ ᠢ ᠨᠢ ︽ᠥᠭᠦᠯᠡᠭᠦ︾ ᠭᠡᠯᠪᠡᠷᠢ ᠪᠠᠷ᠂ ᠰᠢᠯᠥᠭ ᠤᠨ ᠭᠡᠰᠡᠭ ᠢ ᠨᠢ ︽ᠲᠠᠭᠤᠯᠠᠬᠤ︾ ᠭᠡᠯᠪᠡᠷᠢ ᠪᠠᠷ ᠤᠶᠠᠩᠭᠠᠯᠠᠳᠠᠭ᠃   ᠲᠥᠪᠡᠳ ᠭᠡᠰᠡᠷᠴᠢᠳ ︽ᠭᠡᠰᠡᠷ︾ ᠬᠠᠶᠢᠯᠠᠬᠤ ᠳᠤ ᠪᠠᠨ ᠲᠤᠤᠷᠠᠭᠢ ᠮᠡᠳᠥ ᠲᠥᠷᠪᠡᠨ ᠵᠥᠢᠯ ᠤᠨ ᠠᠷᠭ᠎ᠠ ᠪᠠᠷ ᠬᠠᠶᠢᠯᠠᠳᠠᠭ᠃ ᠨᠢᠭᠡ ᠳᠤ᠂ ᠭᠥᠵᠢ ᠵᠤᠯᠠ ᠠᠰᠠᠭᠠᠵᠤ᠂ ᠬᠤᠪᠢᠯᠭᠠᠨ ᠰᠠᠭᠢᠭᠤᠰᠤ ᠶᠢ ᠨᠢ ᠲᠠᠭᠠᠳᠬᠠᠳᠠᠭ᠃ ᠬᠤᠶᠠᠷ ᠲᠤ᠂ ︽ᠭᠡᠰᠡᠷ︾ ᠬᠠᠶᠢᠯᠠᠬᠤ ᠲᠤᠰᠬᠠᠢ ᠮᠠᠯᠠᠭᠠᠢ ᠡᠮᠥᠰᠴᠤ ᠬᠠᠶᠢᠯᠠᠳᠠᠭ᠃ ᠭᠤᠷᠪᠠ ᠳᠤ᠂ ︽ᠭᠡᠰᠡᠷ︾᠎ ᠤᠨ ᠥᠯᠢᠭᠡᠷ ᠲᠤᠮᠤᠭ ᠲᠠᠢ ᠵᠢᠷᠤᠭ ᠢ ᠵᠢᠭᠠᠵᠤ ᠬᠠᠶᠢᠯᠠᠳᠠᠭ᠃ ᠲᠥᠷᠪᠡ ᠳᠤ᠂ ᠲᠤᠯᠢ ᠥᠵᠡᠵᠤ ︽ᠭᠡᠰᠡᠷ︾ ᠬᠠᠶᠢᠯᠠᠳᠠᠭ ᠃  
 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠵᠠᠰᠠᠭ ᠎ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1