ᠭᠡᠰᠡᠷ ᠤᠨ ᠲᠤᠮᠤᠭ
ᠨᠡᠶᠢᠲᠡᠯᠡᠭᠰᠡᠨ ᠴᠠᠭ᠄
2017/10/10
   ᠭᠡᠰᠡᠷ ᠤᠨ ᠲᠤᠮᠤᠭ ᠪᠤᠯ ᠭᠡᠰᠡᠷ ᠤᠨ ᠲᠤᠤᠯᠢ ᠲᠠᠢ ᠨᠤᠳᠤᠭ ᠤᠷᠤᠨ ᠢᠶᠠᠷ ᠦᠷᠬᠡᠨ ᠢᠶᠠᠷ ᠲᠠᠷᠬᠠᠭᠠᠭᠳᠠᠭᠰᠠᠨ ᠬᠡᠰᠡᠷ ᠤᠨ ᠠᠮᠠᠨ ᠵᠤᠭᠢᠶᠠᠯ ᠤᠨ ᠴᠢᠬᠤᠯᠠ ᠨᠢᠭᠡᠨ ᠭᠡᠯᠪᠡᠷᠢ ᠮᠥᠨ᠃ ᠲᠥᠪᠡᠳ ᠥᠨᠳᠥᠰᠥᠳᠡᠨ ᠴᠤ ᠭᠡᠰᠡᠨ ᠥᠭᠡᠢ᠂ ᠮᠤᠩᠭᠤᠯ ᠥᠨᠳᠥᠰᠥᠳᠡᠨ ᠴᠤ ᠭᠡᠰᠡᠨ ᠥᠭᠡᠢ ᠪᠥᠷ ᠭᠡᠰᠡᠷ ᠤᠨ ᠲᠤᠮᠤᠭ ᠲᠠᠢ ᠪᠠᠶᠢᠳᠠᠭ᠃ ᠮᠤᠩᠭᠤᠯ ᠨᠤᠳᠤᠭ ᠲᠤ ᠲᠡᠯᠭᠡᠷᠡᠭᠰᠡᠨ ᠭᠡᠰᠡᠷ ᠤᠨ ᠲᠤᠮᠤᠭ ᠢ ᠲᠠᠷᠬᠠᠵᠤ ᠲᠡᠯᠭᠡᠷᠡᠭᠰᠡᠨ ᠤᠷᠤᠨ ᠨᠤᠳᠤᠭ ᠢ ᠨᠢ ᠥᠨᠳᠥᠰᠥᠯᠡᠨ᠂ ᠲᠡᠭᠡᠳᠤ ᠮᠤᠩᠭᠤᠯ ᠤᠨ ᠭᠥᠭᠡᠨᠠᠭᠤᠷ ᠭᠡᠰᠡᠷ ᠤᠨ ᠲᠤᠮᠤᠭ᠂ ᠤᠯᠠᠭᠠᠨᠬᠠᠳᠠ ᠬᠤᠳᠠ ᠶᠢᠨ ᠪᠠᠭᠠᠷᠢᠨ ᠭᠡᠰᠡᠷ ᠤᠨ ᠲᠤᠮᠤᠭ᠂ ᠵᠢᠷᠢᠮ ᠤᠨ ᠬᠤᠷᠴᠢᠨ ᠭᠡᠰᠡᠷ ᠤᠨ ᠲᠤᠮᠤᠭ᠂ ᠵᠤᠰᠤᠳᠤ ᠶᠢᠨ ᠮᠤᠩᠭᠤᠯᠵᠢᠨ ᠭᠡᠰᠡᠷ ᠤᠨ ᠲᠤᠮᠤᠭ ᠭᠡᠵᠤ ᠭᠡᠳᠥᠨ ᠲᠤᠭᠤᠷᠢᠭ ᠬᠤᠪᠢᠶᠠᠳᠠᠭ ᠪᠠᠶᠢᠨ᠎ᠡ᠃    ᠭᠡᠰᠡᠷ ᠤᠨ ᠲᠤᠮᠤᠭ ᠪᠤᠯ ᠭᠤᠤᠯᠳᠠᠭᠤ ᠭᠡᠰᠡᠷ ᠤᠨ ᠠᠭᠤᠯᠠ ᠤᠰᠤᠨ ᠤ ᠲᠤᠬᠠᠢ ᠲᠤᠮᠤᠭ ᠭᠤᠤᠯᠯᠠᠬᠤ ᠪᠠᠶᠢᠷᠢ ᠶᠢ ᠡᠵᠡᠯᠡᠳᠡᠭ᠃ ᠭᠡᠰᠡᠷ ᠪᠤᠭᠳᠠ ᠶᠢᠨ ᠶᠠᠮᠠᠷ ᠨᠢᠭᠡᠨ ᠠᠭᠤᠯᠠ ᠤᠰᠤᠨ ᠤ ᠤᠷᠴᠢᠨ ᠲᠤᠭᠤᠷᠢᠨ ᠳᠤ ᠮᠠᠩᠭᠤᠰ ᠮᠤᠤᠰᠬᠠᠢ ᠲᠠᠢ ᠪᠠᠶᠢᠯᠳᠤᠭᠰᠠᠨ ᠨᠢᠭᠡᠨ ᠤᠴᠢᠷ ᠢ ᠲᠡᠮᠳᠡᠭᠯᠡᠵᠤ᠂ ᠬᠠᠷᠭᠢᠰ ᠮᠠᠩᠭᠤᠰ ᠮᠤᠤᠰᠬᠠᠢ ᠶᠢ ᠲᠠᠷᠤᠩᠭᠤᠢᠢᠯᠠᠵᠤ᠂ ᠤᠷᠤᠨ ᠨᠤᠳᠤᠭ ᠢᠶᠠᠨ ᠬᠠᠮᠠᠭᠠᠯᠠᠨ᠂ ᠠᠷᠠᠳ ᠤᠯᠠᠨ ᠢᠶᠠᠨ ᠠᠵᠠ ᠵᠢᠷᠭᠠᠯᠳᠠᠢ ᠠᠮᠢᠳᠤᠷᠠᠭᠤᠯᠤᠭᠰᠠᠨ ᠰᠠᠨᠠᠭ᠎ᠠ ᠶᠢ ᠢᠯᠡᠳᠭᠡᠳᠡᠭ᠃    ᠬᠡᠰᠡᠷ ᠤᠨ ᠳᠤᠮᠤᠭ᠄         ᠠᠰᠬᠠᠨ ᠠᠭᠤᠯᠠ ᠶᠢᠨ ᠰᠡᠳᠡᠷᠭᠡᠢ         ᠪᠠᠭᠠᠷᠢᠨ ᠪᠠᠷᠠᠭᠤᠨ ᠬᠤᠰᠢᠭᠤᠨ ᠤ ᠲᠥᠪ ᠳ᠋ᠠᠪᠠᠨ ᠪᠠᠯᠭᠠᠰᠤᠨ ᠠᠴᠠ ᠬᠤᠶᠢᠰᠢ ᠭᠤᠴᠢᠭᠠᠳ ᠭᠠᠵᠠᠷ ᠤᠨ ᠠᠯᠤᠰ ᠤᠰᠤᠳᠤ ᠭᠥᠳᠥᠯ ᠭᠡᠵᠤ ᠪᠠᠶᠢᠳᠠᠭ᠃ ᠤᠰᠤᠳᠤ ᠭᠥᠳᠥᠯ ᠤᠨ ᠬᠤᠶᠠᠷ ᠲᠠᠯ᠎ᠡ ᠳᠤ ᠵᠡᠭᠦᠨᠰᠢ ᠪᠠᠷᠠᠭᠤᠨᠰᠢ ᠭᠥᠨᠳᠡᠯᠢᠰᠥᠭᠰᠡᠨ ᠬᠤᠶᠠᠷ ᠰᠥᠷᠯᠢᠭ ᠠᠭᠤᠯᠠ ᠰᠥᠨᠳᠡᠷᠯᠡᠵᠤ ᠪᠠᠶᠢᠳᠠᠭ᠃ ᠪᠠᠷᠠᠭᠤᠨ ᠲᠠᠯ᠎ᠡ ᠶᠢᠨ ᠠᠭᠤᠯᠠ ᠶᠢ ᠨᠢ ᠲᠠᠷᠬᠠᠨ ᠠᠭᠤᠯᠠ ᠭᠡᠵᠤ᠂ ᠵᠡᠭᠦᠨ ᠲᠠᠯ᠎ᠡ ᠶᠢᠨ ᠠᠭᠤᠯᠠ ᠶᠢ ᠨᠢ ᠠᠰᠬᠠᠨ ᠠᠭᠤᠯᠠ ᠭᠡᠳᠡᠭ᠃ ᠠᠰᠬᠠᠨ ᠠᠭᠤᠯᠠ ᠨᠢ ᠠᠰᠬ᠎ᠠ ᠥᠨᠳᠥᠷ ᠡᠭᠴᠡ ᠪᠤᠰᠤᠭ᠎ᠠ ᠰᠥᠷᠯᠢᠭᠦᠨ ᠪᠤᠯᠬᠤᠷ ᠠᠰᠬᠠᠨ ᠠᠭᠤᠯᠠ ᠭᠡᠵᠤ ᠨᠡᠷᠡᠯᠡᠭᠰᠡᠨ ᠪᠤᠯᠤᠯᠳᠠᠢ᠃ ᠠᠰᠬᠠᠨ ᠠᠭᠤᠯᠠ ᠶᠢᠨ ᠤᠷᠤᠢ ᠨᠢ ᠨᠡᠯᠢᠶᠡᠳ ᠶᠡᠭᠡ ᠰᠡᠳᠡᠷᠭᠡᠢ ᠤᠨᠢ ᠲᠠᠢ᠃ ᠡᠨᠡ ᠬᠦ ᠰᠡᠳᠡᠷᠭᠡᠢ ᠨᠢ ᠭᠡᠰᠡᠷ ᠤᠨ ᠥᠯᠢᠭᠡᠷ ᠲᠤᠮᠤᠭ ᠲᠠᠢ ᠪᠢᠯᠡ᠃    ᠡᠷᠳᠡ ᠤᠷᠢᠳᠤ ᠴᠠᠭ ᠲᠤ ᠠᠷᠵᠠᠭᠠᠷ ᠬᠠᠷ᠎ᠡ ᠮᠠᠩᠭᠤᠰ ᠠᠭᠤᠢ ᠲᠤᠳᠤᠷ᠎ᠡ ᠪᠠᠨ ᠬᠠᠨᠳᠠᠯ᠎ᠡ ᠪᠠᠨ ᠤᠨᠳᠠᠵᠤ᠂ ᠥᠯᠥᠰᠴᠤ ᠤᠮᠳᠠᠭᠠᠰᠤᠨ ᠰᠡᠷᠢᠭᠡᠳ ᠡᠨᠡ ᠨᠤᠳᠤᠭ ᠤᠨ ᠡᠵᠡᠨ ᠪᠤᠯᠤᠭᠰᠠᠨ ᠭᠡᠰᠡᠷ ᠪᠤᠭᠳᠠ ᠶᠢᠨ ᠡᠳ᠋ ᠡᠷᠳᠡᠨᠢᠰ ᠲᠤ ᠲᠤᠷᠠᠯᠠᠨ᠂ ᠡᠭᠡᠨᠡᠷ ᠭᠡᠤᠭᠡᠳ ᠲᠤ ᠨᠢ ᠭᠤᠷᠢᠳᠠᠵᠤ ᠠᠭᠤᠢ ᠨᠥᠭᠡ ᠠᠴᠠ ᠪᠠᠨ ᠭᠠᠷᠴᠤ ᠢᠷᠡᠭᠡᠳ ᠭᠡᠰᠡᠷ ᠪᠤᠭᠳᠠ ᠲᠠᠢ ᠠᠰᠬᠠᠨ ᠠᠭᠤᠯᠠ ᠶᠢᠨ ᠡᠩᠭᠡᠷ ᠲᠤ ᠲᠠᠭᠠᠷᠠᠯᠳᠤᠵᠤ ᠭᠡᠨ᠎ᠡ᠃ ᠬᠤᠶᠠᠭᠤᠯᠠ ᠭᠡᠳᠥᠨ ᠡᠳᠥᠷ ᠭᠡᠳᠥᠨ ᠰᠥᠨᠢ ᠪᠠᠶᠢᠯᠳᠤᠭᠠᠳ ᠢᠯᠭᠠᠭᠤᠷᠢ ᠭᠠᠷᠤᠭᠰᠠᠨ ᠥᠭᠡᠢ᠃ ᠬᠤᠶᠢᠬᠤᠷ ᠮᠠᠩᠭᠤᠰ ᠤᠨ ᠭᠥᠴᠥᠨ ᠨᠢ ᠪᠠᠭᠤᠷᠠᠬᠤ ᠳᠤ ᠪᠠᠨ ᠬᠤᠯᠵᠢᠨ ᠠᠷᠭ᠎ᠠ ᠭᠠᠷᠭᠠᠨ ᠬᠤᠶᠢᠰᠢ ᠤᠬᠤᠷᠢᠨ᠂ ᠠᠰᠬᠠᠨ ᠠᠭᠤᠯᠠ ᠶᠢᠨ ᠤᠷᠤᠢ ᠳᠤ ᠭᠠᠷᠴᠤ᠂ ᠠᠰᠬᠠᠨ ᠠᠭᠤᠯᠠ ᠶᠢᠨ ᠡᠩᠭᠡᠷ ᠤᠨ ᠠᠷᠪᠠᠨ ᠪᠤᠯᠠᠭ ᠤᠨ ᠤᠰᠤ ᠶᠢ ᠰᠤᠷᠤᠵᠤ᠂ ᠭᠡᠰᠡᠷ ᠪᠤᠭᠳᠠ ᠶᠢ ᠤᠰᠤᠨ ᠳᠤ ᠵᠢᠪᠥᠭᠦᠯᠵᠤ ᠠᠯᠠᠬᠤ ᠭᠡᠯ᠎ᠡ᠃ ᠴᠡᠴᠡᠨ ᠤᠬᠠᠭᠠᠨ ᠲᠠᠢ ᠭᠡᠰᠡᠷ ᠪᠤᠭᠳᠠ ᠭᠥᠪᠴᠢ ᠨᠤᠮᠤ ᠶᠢ ᠲᠥᠭᠦᠷᠡᠩ ᠲᠡᠯᠢᠵᠤ᠂ ᠬᠤᠪᠢᠯᠭᠠᠨ ᠵᠠᠪᠠ ᠪᠠᠷ ᠭᠥᠨᠥᠭᠡᠯᠳᠤ ᠮᠠᠩᠭᠤᠰ ᠢ ᠬᠠᠷᠪᠤᠯ᠎ᠡ᠃ ᠠᠷᠵᠠᠭᠠᠷ ᠬᠠᠷ᠎ᠡ ᠮᠠᠩᠭᠤᠰ ᠤᠨ ᠤᠰᠤ ᠰᠤᠷᠤᠭᠰᠠᠨ ᠤᠯᠤᠭᠠᠢ ᠬᠤᠳᠤᠭᠤᠳᠤ ᠨᠢ ᠤᠨᠤᠭᠳᠠᠵᠤ᠂ ᠨᠢᠭᠦᠯ ᠤᠨ ᠰᠠᠪᠠ ᠨᠢ ᠬᠠᠭᠠᠷᠠᠵᠤ ᠲᠤᠨᠢᠯᠠᠯ᠎ᠡ᠃ ᠭᠡᠰᠡᠷ ᠪᠤᠭᠳᠠ ᠶᠢᠨ ᠢᠳᠡ ᠭᠥᠴᠥᠳᠡᠢ ᠬᠤᠪᠢᠯᠭᠠᠨ ᠰᠤᠮᠤ ᠳᠤ ᠠᠰᠬᠠᠨ ᠠᠭᠤᠯᠠ ᠶᠢᠨ ᠤᠷᠤᠢ ᠨᠢ ᠰᠡᠳᠡᠷᠡᠵᠤ᠂ ᠠᠪᠤᠷᠭᠤ ᠲᠤᠮᠤ ᠴᠢᠯᠠᠭᠤ ᠨᠢ ᠰᠢᠪᠠᠷᠳᠠᠢ ᠭᠤᠤᠯ ᠤᠨ ᠲᠡᠨᠵᠢᠨ ᠳᠤ ᠲᠤᠰᠴᠤ ︽ᠵᠢᠷᠭᠠᠯᠠᠩᠳᠤ ᠬᠠᠳᠠ︾ ᠪᠤᠯᠤᠨ ᠬᠠᠷᠪᠤᠭᠰᠠᠨ ᠰᠤᠮᠤ ᠨᠢ ᠪᠠᠭᠠᠬᠠᠨ ᠪᠤᠯᠠᠭ ᠲᠤ ᠲᠤᠰᠴᠤ ᠪᠤᠯᠠᠭ ᠭᠠᠷᠭᠠᠨ᠂ ᠲᠠᠭᠢᠨ ᠴᠢᠨᠠᠭᠰᠢ ᠬᠠᠯᠢᠵᠤ ᠢᠮᠠᠭᠠᠳᠤ ᠠᠭᠤᠯᠠ ᠶᠢ ᠤᠨᠤᠵᠤ ᠠᠭᠤᠢ ᠭᠠᠷᠭᠠᠭᠰᠠᠨ ᠭᠡᠨ᠎ᠡ᠃           ᠳᠤᠯᠭ᠎ᠠ ᠬᠠᠳᠠ   ᠪᠠᠭᠠᠷᠢᠨ ᠪᠠᠷᠠᠭᠤᠨ ᠬᠤᠰᠢᠭᠤᠨ ᠤ ᠳᠦᠪ ᠳ᠋ᠠᠪᠠᠨ ᠪᠠᠯᠭᠠᠰᠤᠨ ᠠᠴᠠ ᠵᠡᠬᠦᠨ ᠡᠮᠤᠨ᠎ᠠ 200 ᠰᠢᠬᠠᠮ ᠭᠠᠵᠠᠷ ᠵᠠᠶᠢᠳᠠᠢ ᠤᠤᠯ ᠤᠨ ᠶᠡᠬᠡᠨᠠᠭᠤᠷ ᠰᠤᠮᠤᠨ ᠤ ᠪᠠᠷᠠᠭᠤᠨ ᠬᠤᠶᠢᠨ᠎ᠠ ᠬᠡᠳᠤᠨ ᠪᠤᠰᠤᠭ᠎ᠠ ᠬᠠᠳᠠ ᠪᠠᠶᠢᠳᠠᠭ᠃ ᠡᠨᠡ ᠬᠠᠳᠠ ᠶᠢ ᠬᠦᠮᠤᠰ ᠳᠤᠯᠭ᠎ᠠ ᠬᠠᠳᠠ ᠬᠡᠵᠤ ᠳᠠᠭᠤᠳᠠᠳᠠᠭ ᠪᠦᠬᠡᠳ ᠰᠤᠨᠢᠷᠬᠠᠯᠳᠠᠢ ᠰᠠᠶᠢᠬᠠᠨ ᠬᠡᠰᠡᠷ ᠤᠨ ᠦᠯᠢᠬᠡᠷ ᠳᠤᠮᠤᠭ ᠲᠠᠢ ᠪᠢᠯᠡ᠃    ᠡᠷᠳᠡ ᠤᠷᠢᠳᠤ ᠴᠠᠭ ᠲᠤ ᠠᠷᠪᠠᠨ ᠵᠦᠭ ᠤᠨ ᠡᠵᠡᠨ ᠪᠤᠭᠳᠠ ᠬᠡᠰᠡᠷ᠂ ᠠᠷᠪᠠᠨ ᠬᠤᠶᠠᠷ ᠳᠤᠯᠤᠭᠠᠢᠢᠳᠠᠢ ᠠᠷᠵᠠᠭᠠᠷ ᠬᠠᠷ᠎ᠠ ᠮᠠᠩᠭᠤᠰ ᠲᠠᠢ ᠳᠤᠯᠤᠯᠳᠤᠵᠤ ᠶᠠᠪᠤᠭᠰᠠᠭᠠᠷ ᠡᠨᠡ ᠨᠤᠳᠤᠭ ᠲᠤ ᠬᠦᠷᠴᠤ ᠢᠷᠡᠬᠡᠳ ᠳᠤᠭᠤᠭᠠᠯᠠᠬᠤ ᠪᠤᠯᠵᠠᠢ᠃ ᠪᠠᠶᠢᠯᠳᠤᠭᠠᠨ ᠳᠤᠯᠤᠯᠳᠤᠭᠠᠨ ᠬᠢᠵᠤ ᠪᠠᠶᠢᠭ᠎ᠠ ᠤᠴᠢᠷ ᠪᠢᠯᠡ ᠳᠤᠯᠭ᠎ᠠ ᠪᠠᠶᠢᠬᠤ ᠦᠬᠡᠢ ᠳᠤᠯᠠ ᠬᠡᠰᠡᠷ ᠪᠤᠭᠳᠠ ᠡᠷᠳᠡᠨᠢ ᠶᠢᠨ ᠴᠢᠯᠠᠭᠤ ᠪᠤᠰᠬᠠᠨ ᠳᠤᠭᠤᠭ᠎ᠠ ᠪᠠᠨ ᠳᠠᠯᠪᠢᠵᠤ᠂ ᠠᠩᠬᠢᠯᠤᠮ᠎ᠠ ᠰᠠᠶᠢᠬᠠᠨ ᠰᠦ ᠲᠠᠢ ᠴᠠᠢ ᠪᠠᠨ ᠴᠢᠨᠠᠵᠤ᠂ ᠴᠠᠢ ᠪᠠᠨ ᠰᠦᠯᠡᠬᠡᠳ ᠤᠤᠭᠤᠬᠤ ᠬᠡᠵᠤ ᠪᠠᠶᠢᠳᠠᠯ᠎ᠠ ᠵᠦᠭ ᠤᠨ ᠮᠠᠭᠤ ᠵᠡᠬᠦᠨ ᠬᠤᠶᠢᠳᠤ ᠠᠴᠠ ᠰᠠᠯᠬᠢᠨ ᠳᠡᠭᠳᠡᠨ᠂ ᠬᠤᠮᠠᠭ ᠰᠢᠷᠤᠢ ᠬᠡᠶᠢᠰᠴᠤ᠂ ᠠᠷᠪᠠᠨ ᠬᠤᠶᠠᠷ ᠳᠤᠯᠤᠭᠠᠢᠢᠳᠠᠢ ᠠᠷᠵᠠᠭᠠᠷ ᠬᠠᠷ᠎ᠠ ᠮᠠᠩᠭᠤᠰ ᠠᠷᠠᠳ ᠢᠷᠬᠡᠳ ᠢ ᠬᠦᠨᠦᠬᠡᠵᠤ᠂ ᠠᠳᠤᠭᠤ ᠮᠠᠯ ᠢ ᠵᠠᠯᠬᠢᠨ᠂ ᠬᠡᠰᠡᠷ ᠪᠤᠭᠳᠠ ᠶᠢ ᠬᠡᠨᠡᠳᠡᠬᠦᠯᠵᠤ ᠴᠤᠬᠢᠬᠤ ᠪᠠᠷ ᠠᠶᠢᠰᠤᠢ᠃ ᠬᠡᠰᠡᠷ ᠪᠤᠭᠳᠠ ᠠᠭᠤᠷ ᠬᠢᠯᠢᠩ ᠳᠦᠷᠤᠵᠤ᠂ ᠬᠦᠬᠡ ᠴᠠᠢ ᠪᠠᠨ ᠤᠤᠭᠤᠯ ᠦᠬᠡᠢ᠂ ᠰᠠᠨᠳᠤᠷᠤᠭᠰᠠᠨ ᠬᠦᠴᠤᠨ ᠳᠤ ᠪᠠᠨ ᠳᠤᠯᠭ᠎ᠠ ᠪᠠᠨ ᠢᠰᠬᠦᠯᠵᠤ ᠪᠠᠶᠢᠯᠳᠤᠬᠤ ᠪᠠᠷ ᠮᠤᠷᠳᠠᠯ᠎ᠠ᠃ ᠢᠰᠬᠦᠯᠦᠭᠳᠡᠭᠰᠡᠨ ᠨᠢᠬᠡ ᠤᠴᠤᠭ ᠴᠢᠯᠠᠭᠤ ᠨᠠᠯᠢᠶᠠᠳ ᠵᠠᠶᠢᠳᠠᠢ ᠨᠢ ᠰᠢᠯᠵᠢᠵᠤ ᠶᠠᠪᠤᠪᠠ᠃    ᠬᠡᠰᠡᠷ ᠪᠤᠭᠳᠠ ᠶᠢᠨ ᠪᠤᠰᠬᠠᠭᠰᠠᠨ ᠴᠢᠯᠠᠭᠤ ᠨᠢ ᠳᠤᠯᠭ᠎ᠠ ᠠᠭᠤᠯᠠ ᠪᠤᠯᠵᠤ᠂ ᠬᠡᠰᠡᠷ ᠪᠤᠭᠳᠠ ᠶᠢᠨ ᠢᠰᠬᠦᠯᠵᠤ ᠬᠠᠶᠠᠭᠰᠠᠨ ᠠᠴᠠ ᠪᠤᠯᠤᠭᠰᠠᠨ ᠨᠢᠬᠡ ᠳᠤᠯᠭ᠎ᠠ ᠶᠢᠨ ᠴᠢᠯᠠᠭᠤ ᠰᠢᠯᠵᠢᠬᠡᠳ ᠨᠦᠬᠦᠬᠡ ᠬᠤᠶᠠᠷ ᠱᠤᠷᠤᠩ ᠠᠭᠤᠯᠠ ᠠᠴᠠ ᠪᠠᠨ ᠵᠠᠶᠢᠳᠠᠢ ᠬᠠᠳᠠ ᠪᠤᠯᠤᠭᠰᠠᠨ ᠬᠡᠨ᠎ᠠ᠃  
 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠵᠠᠰᠠᠭ ᠎ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1