ᠭᠡᠰᠡᠷ ᠤᠨ ᠰᠠᠩ
ᠨᠡᠶᠢᠲᠡᠯᠡᠭᠰᠡᠨ ᠴᠠᠭ᠄
2017/10/10
   ᠭᠡᠰᠡᠷ ᠪᠤᠭᠳᠠ ᠶᠢᠨ ᠰᠠᠩ ᠤᠨ ᠰᠤᠳᠤᠷ ᠤᠷᠤᠰᠢᠪᠠᠢ            ᠤᠮ ᠮᠠ ᠨᠢ ᠪᠠᠳ ᠮᠠᠢ ᠬᠤᠩ    ᠤᠮ ᠮᠠ ᠨᠢ ᠪᠠᠳ ᠮᠠᠢ ᠬᠤᠩ    ᠤᠮ ᠮᠠ ᠨᠢ ᠪᠠᠳ ᠮᠠᠢ ᠬᠤᠩ    ᠮᠥᠡᠭᠭᠦᠨ ᠳ᠋ᠦᠵᠥᠩ ᠭᠠᠷᠪᠤ ᠨᠡᠷᠡᠳᠡᠢ    ᠮᠤᠯᠤᠷ ᠵᠠᠭᠠᠨ ᠭᠥᠯᠥᠭ ᠲᠠᠢ    ᠠᠯᠳᠠᠨ ᠰᠢᠷ᠎ᠡ ᠬᠤᠨᠭ᠍ᠭᠤᠷᠴᠠᠭ ᠥᠰᠥᠨ ᠤ    ᠠᠯᠳᠠᠷᠴᠢ ᠥᠵᠥᠭᠦᠷ ᠠᠴᠠ ᠨᠢ    ᠤᠳᠠ ᠮᠤᠳᠤᠨ ᠤ ᠴᠡᠴᠡᠭ ᠮᠡᠳᠥ    ᠤᠯᠠᠪᠢᠷ ᠲᠤᠶᠠᠭ᠎ᠠ ᠮᠠᠨᠳᠤᠭᠰᠠᠨ    ᠠᠯᠢᠪᠠ ᠲᠡᠷᠰᠭᠦᠳ ᠪᠥᠭᠦᠨ ᠢ    ᠠᠶᠤᠯᠭᠠᠨ ᠴᠢᠳᠠᠭᠴᠢ    ᠠᠷᠪᠠᠨ ᠵᠥᠭ ᠲᠤ ᠰᠠᠴᠤᠷᠠᠭᠤᠯᠤᠭᠰᠠᠨ    ᠡᠨᠡ ᠪᠥᠭᠦᠢ ᠠᠮᠢᠳᠠᠨ ᠢ    ᠡᠵᠡᠯᠡᠨ ᠴᠢᠳᠠᠭᠴᠢ    ᠡᠵᠡᠨ ᠪᠤᠭᠳᠠ ᠭᠡᠰᠡᠷ ᠮᠢᠨᠥ    ᠲᠡᠭᠡᠳᠤ ᠪᠠᠶ᠎ᠡ ᠳᠤᠷ ᠢᠨᠥ    ᠠᠷᠢᠶᠠᠪᠠᠯᠤ ᠲᠡᠷᠢᠭᠦᠳᠡᠨ    ᠠᠷᠪᠠᠨ ᠵᠥᠭ ᠤᠨ ᠪᠤᠷᠬᠠᠨ ᠲᠡᠭᠦᠰᠥᠭᠰᠡᠨ    ᠲᠤᠮᠳᠠ ᠪᠠᠶ᠎ᠡ ᠳᠤ ᠨᠢ ᠠᠨᠤ    ᠲᠥᠷᠪᠡᠨ ᠵᠥᠭ ᠤᠨ ᠶᠡᠭᠡ    ᠲᠡᠭᠷᠢ ᠨᠠᠷᠡ ᠲᠡᠭᠦᠰᠥᠭᠰᠡᠨ    ᠲᠤᠤᠷᠠᠳᠤ ᠪᠠᠶ᠎ᠡ ᠳᠤᠷ ᠠᠨᠤ    ᠲᠤᠯᠭᠢᠶᠠᠯᠠᠭᠤᠯᠤᠭᠴᠢ ᠶᠡᠭᠡ    ᠯᠤᠤᠰ ᠤᠨ ᠬᠠᠭᠠᠳ ᠲᠡᠭᠦᠰᠥᠭᠰᠡᠨ    ᠠᠷᠪᠠᠨ ᠵᠥᠭ ᠤᠨ ᠬᠤᠤᠷᠳᠤ ᠲᠠᠶᠢᠰᠤᠨ ᠢ    ᠠᠪᠤᠨ ᠲᠤᠷᠦ᠋ᠢᠳᠠᠭᠤᠯᠤᠨ ᠲᠥᠷᠥᠭᠰᠡᠨ    ᠠᠷᠪᠠᠨ ᠬᠤᠤᠷ ᠤᠨ ᠥᠨᠳᠥᠰᠥᠨ ᠢ ᠲᠠᠰᠤᠯᠤᠭᠴᠢ    ᠠᠵᠢᠨ᠎ᠡ ᠮᠡᠷᠭᠡᠨ ᠭᠡᠰᠡᠷ ᠮᠢᠨᠥ   ᠮᠠᠰᠢ ᠭᠠᠶᠢᠬᠠᠮᠰᠢᠭᠳᠤ ᠲᠠᠨ ᠢ ᠪᠠᠨ    ᠮᠠᠭᠳᠠᠨ ᠰᠥᠰᠥᠭᠯᠡᠨ ᠵᠠᠯᠪᠠᠷᠢᠮᠤ    ᠬᠠᠮᠤᠭ ᠠᠶᠤᠯ ᠢ ᠥᠯᠥ ᠬᠠᠯᠭᠠᠨ    ᠬᠠᠳᠠᠭᠤ ᠵᠠᠰᠠᠭ ᠴᠠᠭᠠᠵᠠ ᠶᠢ    ᠬᠠᠯᠬᠠᠯᠠᠨ ᠵᠠᠶᠢᠯᠠᠭᠤᠯᠤᠭᠴᠢ    ᠬᠠᠷᠠᠴᠤ ᠤᠯᠠᠨ ᠪᠥᠭᠦᠨ ᠢ    ᠬᠠᠳᠠᠨ ᠰᠥᠷ ᠢᠶᠠᠷ ᠢᠶᠠᠨ ᠲᠠᠷᠤᠭᠴᠢ    ᠬᠠᠨ ᠪᠤᠭᠳᠠ ᠡᠵᠡᠨ ᠮᠢᠨᠥ    ᠠᠷᠤ ᠶᠢᠨ ᠠᠳᠠᠭᠠᠳᠠᠨ    ᠥᠪᠡᠷ ᠤᠨ ᠥᠰᠢᠶᠡᠳᠡᠨ    ᠠᠯᠢᠮᠠᠳ ᠲᠠᠶᠢᠰᠤᠨ ᠪᠥᠭᠦᠨ ᠢ    ᠠᠯᠳᠠᠨ ᠪᠠᠶ᠎ᠡ ᠳᠤ ᠪᠠᠨ ᠥᠯᠥ ᠬᠠᠯᠭᠠᠭᠴᠢ    ᠠᠴᠢᠳᠤ ᠪᠤᠭᠳᠠ ᠭᠡᠰᠡᠷ ᠮᠢᠨᠥ    ᠠᠷᠪᠠᠨ ᠵᠥᠭ ᠲᠤ ᠠᠯᠳᠠᠷᠰᠢᠭᠰᠠᠨ    ᠠᠯᠳᠠᠷ ᠨᠡᠷ᠎ᠡ ᠶᠢ ᠴᠢᠨᠢ    ᠠᠶᠠᠯᠤᠨ ᠲᠠᠭᠤᠳᠠᠨ ᠵᠠᠯᠪᠠᠷᠢᠮᠤ    ᠬᠤᠷᠮᠤᠰᠳᠠ ᠲᠡᠭᠷᠢ ᠶᠢᠨ ᠭᠥᠪᠡᠭᠦᠨ    ᠬᠤᠪᠢᠯᠭᠠᠨ ᠪᠤᠭᠳᠠ ᠮᠢᠨᠥ    ᠬᠤᠳᠠᠯᠠ ᠭᠠᠵᠠᠷ ᠠᠶᠠᠯᠠᠬᠤᠢ ᠳᠤᠷ    ᠠᠵᠢᠨᠠᠢ ᠭᠥᠯᠥᠭ ᠬᠠᠶᠢᠷᠠᠯᠠᠨ    ᠪᠢᠳᠠᠭᠤ ᠬᠤᠭᠤᠰᠤᠨ ᠴᠠᠭ ᠲᠤᠷ    ᠪᠠᠯ ᠢᠳᠡᠭᠡᠨ ᠬᠠᠶᠢᠷᠠᠯᠠᠨ    ᠬᠠᠳᠬᠤᠯᠳᠤᠬᠤ ᠲᠠᠶᠢᠰᠤᠨ ᠳᠤᠷ    ᠬᠠᠭᠠᠯᠳᠠᠨ ᠪᠤᠯᠤᠨ ᠰᠤᠶᠤᠷᠬ᠎ᠠ    ᠥᠷᠢᠰᠥᠯᠳᠥᠭᠦ ᠲᠠᠶᠢᠰᠤᠨ ᠠᠴᠠ    ᠥᠷᠥ ᠵᠢᠷᠤᠭᠡ ᠶᠢ ᠮᠢᠨᠥ ᠥᠮᠥᠭᠯᠡᠨ ᠰᠤᠶᠤᠷᠬ᠎ᠠ    ᠥᠰᠳᠡᠨ ᠲᠠᠶᠢᠰᠤᠨ ᠤ    ᠥᠷᠭᠡᠰᠤᠨ ᠰᠤᠮᠤ ᠶᠢ    ᠥᠪᠡᠷ ᠤᠨ ᠪᠠᠶ᠎ᠡ ᠳᠤ ᠥᠯᠥ ᠬᠠᠯᠭᠠᠭᠴᠢ    ᠡᠵᠡᠨ ᠪᠤᠭᠳᠠ ᠭᠡᠰᠡᠷ ᠮᠢᠨᠥ    ᠡᠨᠡᠯᠥᠨ ᠰᠠᠭᠤᠬᠤᠢ ᠳᠤᠷ    ᠡᠨᠡᠷᠢᠨ ᠨᠢᠭᠦᠯᠡᠰᠥᠭᠴᠢ    ᠡᠮᠭᠡᠨᠢᠨ ᠭᠠᠰᠠᠯᠬᠤᠢ ᠳᠤᠷ    ᠡᠭᠡᠮ ᠠᠴᠠ ᠮᠢᠨᠢ ᠲᠠᠳᠠᠵᠤ    ᠠᠶᠤᠬᠤ ᠠᠶᠤᠯ ᠢ ᠠᠷᠢᠯᠭᠠᠵᠤ    ᠠᠷᠠᠰᠤ ᠮᠢᠬᠠᠨ ᠳᠤ ᠬᠤᠶᠠᠭ ᠪᠤᠯᠤᠭᠴᠢ    ᠠᠴᠢᠳᠤ ᠪᠤᠭᠳᠠ ᠭᠡᠰᠡᠷ ᠮᠢᠨᠥ    ᠤᠷᠤᠯᠳᠤᠬᠤ ᠮᠤᠷᠢᠨ ᠳᠤ ᠲᠠᠰᠢᠭᠤᠷ    ᠪᠠᠷᠢᠯᠳᠤᠬᠤ ᠪᠠᠶ᠎ᠡ ᠳᠤ ᠪᠢᠷ᠎ᠡ    ᠬᠠᠷᠪᠤᠯᠳᠤᠬᠤ ᠨᠤᠮᠤ ᠳᠤ ᠴᠡᠴᠡ ᠬᠠᠶᠢᠷᠠᠯᠠᠭᠳᠤᠨ    ᠬᠠᠨ ᠪᠤᠭᠳᠠ ᠭᠡᠰᠡᠷ ᠮᠢᠨᠥ    ᠬᠠᠷᠠᠩᠭᠤᠢ ᠰᠥᠨᠢ ᠭᠡᠭᠡᠨ ᠵᠤᠯᠠ    ᠬᠠᠪᠴᠢᠯ ᠵᠠᠮ ᠳᠤ ᠬᠠᠳᠠᠨ ᠵᠡᠪᠰᠡᠭ    ᠬᠠᠷᠢᠳᠠᠨ ᠤ ᠭᠠᠵᠠᠷ ᠬᠠᠨᠢ ᠨᠥᠭᠦᠷ    ᠤᠢᠢᠳᠤᠭᠴᠢ ᠵᠠᠪᠠᠨ ᠤ ᠰᠢᠷᠬᠠᠨ ᠳᠤ    ᠤᠳᠠᠴᠢ ᠡᠮᠴᠢ ᠪᠤᠯᠤᠭᠴᠢ    ᠸᠴᠢᠷᠪᠠᠨᠢ ᠶᠢᠨ ᠬᠤᠪᠢᠯᠭᠠᠨ    ᠤᠷᠤᠢ ᠶᠢᠨ ᠲᠡᠭᠡᠳᠤ ᠪᠤᠭᠳᠠ ᠮᠢᠨᠥ    ᠠᠯᠪᠠ ᠭᠤᠪᠴᠢᠭᠤᠷ ᠲᠤ ᠤᠷᠤᠵᠤ    ᠠᠮᠢ ᠵᠥᠳᠡᠭᠦᠥ ᠶᠠᠪᠤᠬᠤᠢ ᠳᠤᠷ    ᠡᠵᠡᠨ ᠪᠤᠭᠳᠠ ᠮᠢᠨᠢ ᠭᠡᠮᠡᠨ    ᠡᠯᠪᠡᠷᠢᠯ ᠡᠷᠢᠨ ᠵᠠᠯᠪᠠᠷᠢᠪᠠᠰᠤ    ᠡᠨᠡᠷᠢᠨ ᠥᠷᠥᠰᠢᠶᠡᠭᠴᠢ    ᠢᠪᠡᠭᠡᠯᠳᠤ ᠪᠤᠭᠳᠠ ᠡᠵᠡᠨ ᠮᠢᠨᠥ    ᠡᠨᠡ ᠪᠠᠶ᠎ᠡ ᠡᠷᠡᠰᠳᠡᠨ    ᠡᠨᠡᠯᠥᠨ ᠰᠢᠨᠠᠯᠬᠤᠢ ᠳᠤᠷ    ᠡᠵᠡᠨ ᠪᠤᠭᠳᠠ ᠮᠢᠨᠢ ᠭᠡᠮᠡᠨ    ᠡᠨᠡᠷᠢᠯ ᠡᠷᠢᠵᠤ ᠵᠠᠯᠪᠠᠷᠢᠪᠠᠰᠤ    ᠪᠠᠷᠢᠶ᠎ᠡ ᠭᠥᠯᠢᠶ᠎ᠡ ᠶᠢ ᠮᠢᠨᠢ ᠲᠠᠶᠢᠯᠤᠭᠴᠢ    ᠪᠤᠭᠳᠠ ᠡᠵᠡᠨ ᠭᠡᠰᠡᠷ ᠮᠢᠨᠥ    ᠠᠮᠢᠳᠠᠨ ᠭᠥᠮᠥᠨ ᠲᠠᠢ    ᠠᠳᠠᠭ᠎ᠠ ᠵᠠᠷᠭᠤ ᠪᠤᠯᠬᠤᠢ ᠳᠤᠷ    ᠥᠪᠡᠷ ᠤᠨ ᠥᠭᠡ ᠶᠢ ᠵᠥᠪᠳᠥᠭᠡᠭᠴᠢ    ᠥᠷᠥᠰᠢᠶᠡᠯᠳᠤ ᠡᠵᠡᠨ ᠪᠤᠭᠳᠠ ᠮᠢᠨᠥ    ᠠᠶᠠᠨ ᠳᠤ ᠶᠠᠪᠤᠬᠤᠢ ᠴᠠᠭ ᠲᠤᠷ    ᠠᠭᠳᠠ ᠭᠥᠯᠥᠭ ᠮᠤᠷᠢ ᠶᠢ    ᠠᠪᠠ ᠳᠤ ᠶᠠᠪᠤᠬᠤᠢ ᠴᠠᠭ ᠲᠤᠷ    ᠠᠩᠭᠠᠢᠢᠬᠤ ᠰᠢᠷ᠎ᠡ ᠨᠤᠮᠤ ᠶᠢ ᠮᠢᠨᠢ    ᠠᠪᠤᠷᠠᠯ ᠳᠤ ᠪᠠᠨ ᠪᠠᠭᠳᠠᠭᠠᠭᠴᠢ    ᠠᠴᠢᠳᠤ ᠪᠤᠭᠳᠠ ᠭᠡᠰᠡᠷ ᠮᠢᠨᠥ    ᠰᠠᠩ ᠳᠤ ᠪᠤᠤ ᠪᠥᠳᠥᠷᠢᠭᠦᠯ    ᠱᠠᠯᠴᠢᠭ ᠲᠤ ᠪᠤᠤ ᠬᠠᠯᠳᠤᠷᠢᠭᠤᠯ    ᠬᠠᠨ ᠲᠡᠭᠷᠢ ᠶᠢᠨ ᠭᠥᠪᠡᠭᠦᠨ    ᠬᠠᠶᠢᠷᠬᠠᠨ ᠭᠡᠰᠡᠷ ᠲᠠᠨ ᠳᠤ ᠪᠠᠨ    ᠬᠠᠷ᠎ᠡ ᠲᠡᠷᠢᠭᠦᠨ ᠢᠶᠠᠨ ᠪᠥᠭᠦ᠋ᠢᠵᠤ    ᠬᠠᠨᠴᠦ᠋ᠢᠳᠤ ᠭᠠᠷ ᠢᠶᠠᠨ ᠬᠠᠪᠰᠤᠷᠤᠨ ᠮᠥᠷᠭᠦᠮᠤ    ᠬᠠᠨ ᠭᠥᠮᠥᠨ ᠳᠤ    ᠬᠠᠨᠤᠮᠵᠢ ᠪᠤᠯᠤᠭᠰᠨᠨ    ᠬᠠᠷᠠᠴᠤ ᠭᠥᠮᠥᠨ ᠳᠤ    ᠭᠠᠶᠢᠬᠠᠮᠰᠢᠭ ᠪᠤᠯᠤᠭᠰᠠᠨ    ᠬᠠᠮᠤᠭ ᠵᠢᠷᠭᠠᠯᠠᠩ    ᠬᠠᠶᠢᠷᠠᠯᠠᠨ ᠰᠤᠶᠤᠷᠬ᠎ᠠ    ᠥᠷᠯᠥᠭᠡ ᠥᠳᠡᠰᠢ ᠡᠳᠥᠷ ᠪᠥᠷᠢ    ᠡᠮᠥᠨ᠎ᠡ ᠴᠢᠨᠢ ᠰᠥᠭᠦᠳᠥᠨ ᠵᠠᠯᠪᠠᠷᠢᠪᠠᠰᠤ    ᠥᠪᠡᠷ ᠤᠨ ᠰᠠᠨᠠᠭ᠎ᠠ ᠪᠠᠷ ᠪᠤᠯᠭᠠᠭᠴᠢ    ᠥᠷᠯᠥᠭ ᠶᠡᠭᠡ ᠪᠤᠭᠳᠠ ᠮᠢᠨᠥ    ᠠᠴᠢᠳᠤ ᠮᠡᠷᠭᠡᠨ ᠭᠡᠰᠡᠷ ᠬᠠᠭᠠᠨ ᠢᠶᠠᠨ    ᠠᠯᠭᠠᠰᠠᠯ ᠥᠭᠡᠢ ᠮᠠᠭᠳᠠᠨ ᠵᠠᠯᠪᠠᠷᠢᠮᠤ    ᠵᠠᠯᠪᠠᠷᠢᠨ ᠮᠠᠭᠳᠠᠭᠰᠠᠨ    ᠵᠠᠶᠠᠭ᠎ᠠ ᠪᠤᠶᠠᠨ ᠢᠶᠠᠷ    ᠤᠢᠢᠷ᠎ᠡ ᠬᠤᠯᠠ ᠤᠳᠬᠤᠢ ᠳᠤᠷ    ᠤᠷᠢᠳ ᠠᠴᠠ ᠤᠭᠳᠤᠨ ᠰᠤᠶᠤᠷᠬ᠎ᠠ    ᠠᠷᠤ ᠠᠴᠠ ᠲᠠᠭᠠᠨ ᠰᠤᠶᠤᠷᠬ᠎ᠠ    ᠠᠴᠢᠳᠤ ᠪᠤᠭᠳᠠ ᠭᠡᠰᠡᠷ ᠮᠢᠨᠥ    ᠥᠨᠳᠥᠷ ᠲᠡᠭᠡᠷ᠎ᠡ ᠠᠴᠠ ᠥᠡᠭᠭᠡᠶᠢᠨ    ᠪᠤᠭᠤᠨᠢ ᠲᠡᠭᠡᠷ᠎ᠡ ᠠᠴᠠ ᠪᠠᠭᠤᠨ    ᠪᠤᠯᠭᠤᠭᠠᠨ ᠰᠤᠶᠤᠷᠬᠠᠵᠤ    ᠬᠤᠳᠠᠯᠳᠤᠭᠠᠨ ᠳᠤ ᠶᠠᠪᠤᠪᠠᠰᠤ    ᠬᠤᠨᠵᠢᠭᠳᠠᠭᠤᠯᠤᠯ ᠥᠭᠡᠢ    ᠬᠤᠷᠢᠮ ᠳᠤ ᠶᠠᠪᠤᠪᠠᠰᠤ    ᠬᠤᠴᠤᠷᠤᠭᠤᠯᠤᠯ ᠥᠭᠡᠢ    ᠠᠶᠠᠨ ᠳᠤ ᠶᠠᠪᠤᠬᠤᠢ ᠳᠤ   ᠤᠯᠵᠠ ᠤᠷᠤᠭᠤᠯᠤᠭᠴᠢ    ᠠᠪᠠ ᠳᠤ ᠶᠠᠪᠤᠬᠤᠢ ᠳᠤᠷ   ᠭᠡᠰᠢᠭ ᠬᠠᠶᠢᠷᠠᠯᠠᠭᠴᠢ    ᠠᠴᠢᠳᠤ ᠪᠤᠭᠳᠠ ᠭᠡᠰᠡᠷ ᠮᠢᠨᠥ    ᠲᠡᠭᠡᠷᠡᠮ ᠬᠤᠯᠠᠭᠠᠢ ᠢᠷᠡᠭᠦᠢ ᠳᠤᠷ    ᠲᠥᠮᠡᠨ ᠭᠥᠯᠥᠭ ᠤᠨ ᠲᠤᠭᠤᠰᠤ    ᠮᠢᠩᠭᠠᠨ ᠠᠭᠳᠠ ᠶᠢᠨ ᠲᠥᠪᠡᠷᠭᠡᠨ ᠭᠠᠷᠭᠠᠵᠤ    ᠥᠡᠭᠭᠡᠯᠵᠡᠭᠦ ᠲᠠᠶᠢᠰᠤᠨ ᠠᠴᠠ    ᠥᠮᠥᠭ ᠲᠥᠰᠢᠭ ᠪᠤᠯᠤᠭᠰᠠᠨ    ᠥᠷᠥᠰᠢᠶᠡᠯᠳᠤ ᠪᠤᠭᠳᠠ ᠭᠡᠰᠡᠷ ᠬᠠᠭᠠᠨ᠎ᠡ    ᠥᠷᠭᠦᠯᠵᠢ ᠰᠢᠳᠥᠨ ᠵᠠᠯᠪᠠᠷᠢᠪᠠᠰᠤ    ᠭᠤᠷᠪᠠᠨ ᠮᠠᠭᠤ ᠵᠠᠶᠠᠭᠠᠨ ᠳᠤᠷ ᠤᠨᠤᠯ ᠥᠭᠡᠢ    ᠭᠤᠴᠢᠨ ᠭᠤᠷᠪᠠᠨ ᠲᠡᠭᠷᠢ ᠶᠢᠨ    ᠠᠷᠢᠭᠤᠨ ᠤᠷᠤᠨ᠎ᠡ ᠲᠥᠷᠥᠵᠤ    ᠲᠡᠭᠰᠢ ᠨᠠᠷᠠ ᠶᠢᠨ ᠵᠢᠷᠭᠠᠯ ᠢ    ᠲᠡᠭᠰᠢ ᠡᠳ᠋ᠯᠡᠭᠦ ᠪᠤᠯᠳᠤᠭᠠᠢ    ᠤᠮ ᠮᠠ ᠨᠢ ᠪᠠᠳ ᠮᠠᠢ ᠬᠤᠩ    ᠤᠮ ᠮᠠ ᠨᠢ ᠪᠠᠳ ᠮᠠᠢ ᠬᠤᠩ    ᠤᠮ ᠮᠠ ᠨᠢ ᠪᠠᠳ ᠮᠠᠢ ᠬᠤᠩ
 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠵᠠᠰᠠᠭ ᠎ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1