ᠭᠡᠰᠡᠷ ᠤᠨ ᠰᠤᠷᠭᠠᠯ
ᠨᠡᠶᠢᠲᠡᠯᠡᠭᠰᠡᠨ ᠴᠠᠭ᠄
2017/10/10
   ᠡᠴᠢᠭᠡ ᠲᠡᠭᠷᠢ ᠶᠢᠨ ᠦᠷᠦᠰᠢᠶᠡᠯ ᠳᠤ   ᠨᠠᠮᠠᠨᠴᠢᠯᠠᠨ ᠵᠠᠯᠪᠠᠷᠢᠵᠤ   ᠡᠬᠡ ᠳᠡᠯᠡᠭᠡᠢ ᠶᠢᠨ ᠢᠪᠡᠭᠡᠯ ᠳᠤ   ᠶᠤᠰᠤᠯᠠᠨ ᠳᠠᠭᠠᠳᠬᠠᠵᠤ   ᠡᠵᠡᠨ ᠪᠤᠬᠳᠠ ᠶᠢᠨ ᠰᠤᠷᠭᠠᠯ ᠢ   ᠨᠠᠨᠳᠢᠩᠨᠠᠨ ᠵᠢᠷᠤᠮᠯᠠᠵᠤ᠂   ᠤᠬᠰᠠᠭ᠎ᠠ ᠢᠵᠠᠭᠤᠷᠳᠠᠨ ᠤ ᠵᠠᠩᠰᠢᠯ ᠢ   ᠤᠯᠠᠮᠵᠢᠯᠠᠨ ᠵᠠᠯᠭᠠᠮᠵᠢᠯᠠᠵᠤ    ᠬᠠᠮᠤᠬ ᠠᠮᠢᠳᠠᠨ ᠵᠢᠷᠭᠤᠭᠠᠨ ᠵᠦᠢᠯ ᠢ   ᠬᠠᠶᠢᠷᠠᠯᠠᠵᠤ ᠪᠤᠳᠤᠨ   ᠠᠶᠤᠯ ᠲᠠᠢ ᠪᠦᠭᠦᠨ ᠢ ᠲᠠᠪᠴᠢᠵᠤ᠂   ᠠᠰᠢᠬᠳᠠᠢ ᠪᠦᠭᠦᠨ ᠢ ᠡᠳ᠋ᠯᠡᠨ   ᠠᠯᠳᠠᠨ ᠲᠡᠯᠡᠭᠡᠢ ᠶᠢᠨ    ᠠᠮᠤᠷ ᠲᠦᠪᠰᠢᠨ ᠢ ᠬᠠᠮᠠᠭᠠᠯᠠᠵᠤ᠂   ᠠᠮᠢᠳᠠᠨ ᠪᠦᠭᠦᠨ ᠢ ᠵᠢᠷᠭᠠᠳᠤᠭᠠᠢ ᠭᠡᠵᠦ ᠰᠤᠷᠭᠠᠬᠰᠠᠨ ᠶᠤᠮ᠃   ᠠᠶᠢᠯ ᠠᠶᠢᠮᠠᠬ ᠲᠤ ᠪᠠᠨ ᠬᠡᠷᠡᠭᠦᠯ ᠦᠭᠡᠢ   ᠠᠮᠢᠳᠠᠨ ᠳᠤᠮᠳᠠ ᠪᠠᠨ ᠲᠡᠮᠡᠴᠡᠭᠡᠨ ᠦᠭᠡᠢ   ᠠᠶᠢᠮᠠᠬ ᠬᠤᠳᠠᠯᠠᠭᠠᠷ ᠵᠶᠢᠨ ᠵᠦᠷᠢᠯᠳᠦᠭᠡᠨ ᠦᠭᠡᠢ   ᠠᠯᠢᠪᠠ ᠵᠦᠢᠯ ᠳᠤ ᠪᠠᠨ ᠡᠶ᠎ᠡ ᠨᠠᠶᠢᠷᠳᠠᠢ   ᠦᠨᠳᠦᠷ ᠨᠠᠰᠤᠳᠠᠨ ᠢᠶᠠᠨ ᠬᠦᠨᠳᠦᠯᠡᠵᠦ ᠶᠠᠪᠤᠨ   ᠦᠶ᠎ᠡ ᠵᠡᠷᠭᠡ ᠪᠠᠨ ᠲᠤᠰᠠᠯᠠᠵᠤ ᠶᠠᠪᠤᠨ   ᠦᠭᠡᠯᠡᠢ ᠪᠠᠭᠠᠴᠤᠳ ᠢᠶᠠᠨ ᠬᠠᠶᠢᠷᠠᠯᠠᠵᠤ ᠶᠠᠪᠤᠨ   ᠦᠭᠡᠳᠡ ᠲᠠᠢ ᠦᠡᠭᠭᠡ ᠲᠠᠢ ᠲᠡᠭᠵᠢᠷᠡᠵᠦ ᠶᠠᠪᠤᠨ   ᠠᠯᠠᠬ ᠨᠢᠳᠦᠨ ᠳᠤ ᠪᠠᠨ ᠳᠡᠯᠡᠭᠡᠢ ᠶᠢ ᠪᠠᠷᠠᠯᠠᠵᠤ   ᠠᠶᠤᠤᠯᠢᠬᠠᠢ ᠴᠡᠭᠡᠵᠢᠨ ᠳᠤ ᠪᠠᠨ ᠠᠯᠢᠪᠠ ᠶᠢ ᠪᠠᠭᠳᠠᠭᠠᠵᠤ   ᠢᠳᠡᠭᠡᠯ ᠬᠦᠨᠳᠦᠳᠭᠡᠯ ᠢ ᠡᠷᠬᠢᠮᠯᠡᠵᠦ   ᠢᠪᠴᠦᠦ ᠦᠵᠡᠯ ᠢ ᠲᠡᠪᠴᠢᠵᠦ   ᠬᠠᠮᠤᠬ ᠠᠮᠢᠳᠠᠨ ᠵᠢᠷᠭᠤᠭᠠᠨ ᠵᠦᠢᠯ ᠳᠤ   ᠬᠠᠯᠠᠮᠵᠢ ᠬᠠᠶᠢᠷ᠎ᠠ ᠶᠢ ᠬᠦᠷᠳᠡᠭᠡᠨ   ᠡᠴᠢᠭᠡ ᠡᠬᠡ ᠶᠢᠨ ᠡᠯᠪᠡᠷᠢᠯ ᠢ   ᠡᠭᠦᠷᠢᠳᠡ ᠪᠠᠳᠤ ᠴᠡᠭᠡᠵᠢᠯᠡᠵᠦ   ᠡᠬᠡᠴᠢ ᠲᠡᠭᠦᠦ ᠠᠬ᠎ᠠ ᠳᠡᠭᠦᠦ ᠶᠢᠨ ᠲᠡᠮᠵᠢᠯᠭᠡ ᠶᠢ   ᠡᠭᠡᠨᠡᠭᠳᠡ ᠮᠠᠷᠳᠠᠯ ᠦᠭᠡᠢ   ᠡᠴᠢᠭᠡ ᠶᠢᠨ ᠴᠢᠩᠭ᠎ᠠ ᠰᠤᠷᠭᠠᠯ ᠢ   ᠡᠷᠳᠡᠨᠢ ᠶᠢᠨ ᠵᠠᠷᠯᠢᠬ ᠢᠶᠠᠷ ᠪᠤᠳᠤᠨ   ᠡᠬᠡ ᠶᠢᠨ ᠬᠠᠯᠠᠭᠤᠨ ᠬᠠᠶᠢᠷ᠎ᠠ ᠶᠢ   ᠡᠨᠡᠷᠢᠯ ᠤᠨ ᠳᠠᠯᠠᠢ ᠪᠠᠷ ᠰᠠᠨᠠᠵᠤ   ᠦᠰᠴᠦ ᠲᠦᠷᠦᠭᠰᠡᠨ ᠨᠤᠳᠤᠬ ᠢᠶᠠᠨ   ᠦᠨᠡᠳᠦ ᠡᠷᠳᠡᠨᠢ ᠪᠠᠷ ᠦᠵᠡᠨ   ᠡᠷᠡᠯᠭᠡᠭ ᠮᠤᠩᠭᠤᠯ ᠦᠨᠳᠦᠰᠦᠳᠡᠨ ᠤ ᠪᠠᠨ    ᠡᠷᠳᠡᠮ ᠴᠢᠳᠠᠯ ᠢ ᠭᠠᠶᠢᠬᠠᠭᠤᠯᠵᠤ ᠶᠠᠪᠤᠨ   ᠡᠳᠡᠭᠡᠳ ᠭᠠᠵᠢᠭᠤ ᠳᠠᠶᠢᠰᠤᠨ ᠳᠤ   ᠡᠷᠡᠰ ᠪᠠᠳᠤ ᠬᠠᠨᠳᠤᠨ   ᠡᠯᠢᠭᠡᠨ ᠬᠠᠶᠢᠷᠠᠳᠠᠢ ᠨᠦᠭᠦᠳ ᠲᠤ ᠪᠠᠨ    ᠡᠶ᠎ᠡ ᠵᠦᠭᠡᠯᠡᠨ ᠬᠠᠨᠳᠤᠨ   ᠠᠰᠪᠤᠷᠢ ᠴᠠᠭᠠᠪᠤᠷᠢ ᠰᠡᠳᠬᠢᠯ ᠢᠶᠠᠷ   ᠠᠷᠠᠳ ᠤᠯᠠᠨ ᠢᠶᠠᠨ ᠬᠦᠨᠳᠦᠳᠭᠡᠵᠦ   ᠠᠪᠤᠷᠭᠤ ᠳᠠᠶᠢᠴᠢᠨ ᠬᠦᠴᠦᠨ ᠢᠶᠠᠷ   ᠠᠭᠤᠯᠠ ᠤᠰᠤ ᠪᠠᠨ ᠬᠠᠮᠠᠭᠠᠯᠠᠵᠤ   ᠠᠰ ᠤᠨ ᠰᠠᠶᠢᠬᠠᠨ ᠨᠤᠳᠤᠬ ᠲᠤ ᠪᠠᠨ   ᠠᠷᠵᠠᠭᠠᠷ ᠮᠠᠩᠭᠤᠰ ᠢ ᠪᠤᠯᠠᠰᠢᠯᠠᠵᠤ   ᠳᠠᠶᠢᠰᠤᠨ ᠢᠶᠠᠨ ᠳᠠᠷᠤᠵᠤ   ᠳᠠᠷᠬᠠᠨ ᠴᠤᠯᠠ ᠪᠠᠨ ᠤᠯᠵᠤ   ᠦᠰᠢᠶᠡᠳᠡᠨ ᠢᠶᠠᠨ ᠳᠠᠷᠤᠵᠤ   ᠦᠷᠭᠡᠨ ᠴᠤᠯᠠ ᠪᠠᠨ ᠤᠯᠳᠤᠭᠠᠢ ᠭᠡᠵᠦ ᠰᠤᠷᠭᠠᠬᠰᠠᠨ ᠶᠤᠮ᠃    ᠮᠠᠩᠭᠤᠰ ᠭᠡᠳᠡᠭ ᠠᠮᠢᠳᠠᠨ ᠨᠢ   ᠮᠠᠨ ᠤ ᠤᠷᠴᠢᠯᠠᠩ ᠤᠨ ᠳᠠᠶᠢᠰᠤᠨ ᠶᠤᠮ   ᠦᠷᠦᠰᠢᠶᠡᠯ ᠡᠨᠡᠷᠢᠯ ᠢ ᠮᠡᠳᠡᠳᠡᠭ ᠦᠭᠡᠢ   ᠦᠵᠡᠭᠳᠡᠭᠰᠡᠨ ᠪᠦᠭᠦᠨ ᠢ ᠴᠦᠯᠪᠡᠵᠦ   ᠦᠭᠦᠯ ᠤᠨ ᠵᠤᠪᠠᠯᠠᠩ ᠢ ᠦᠭᠳᠡᠭ   ᠠᠶᠤᠯ ᠪᠦᠭᠦᠨ ᠤ ᠦᠨᠳᠦᠰᠦ   ᠠᠮᠢᠳᠠᠨ ᠪᠦᠭᠦᠨ ᠤ ᠳᠠᠶᠢᠰᠤᠨ   ᠠᠳ ᠡᠯᠢᠶ᠎ᠡ ᠶᠢᠨ ᠡᠬᠡ ᠨᠢ    ᠠᠷᠢᠯᠭᠠᠵᠤ ᠰᠦᠢᠳᠭᠡᠬᠦ ᠶᠢᠨ ᠪᠠᠭᠰᠢ ᠨᠢ   ᠠᠷᠬᠠᠬ ᠡᠮᠵᠡᠭ ᠤᠨ ᠦᠨᠳᠦᠰᠦ᠃   ᠠᠯᠳᠠᠨ ᠳᠡᠯᠡᠭᠡᠢ ᠶᠢ ᠵᠠᠯᠬᠢᠬᠰᠠᠨ ᠴᠤ   ᠬᠠᠨᠵᠤ ᠴᠢᠳᠠᠬᠤ ᠦᠭᠡᠢ ᠶᠠᠭᠤᠮ᠎ᠠ ᠶᠤᠮ᠂   ᠬᠠᠷ᠎ᠠ ᠦᠡᠭᠭᠡ ᠶᠢᠨ ᠡᠵᠡᠨ ᠶᠤᠮ   ᠬᠠᠮᠤᠬ ᠠᠮᠢᠳᠠᠨ ᠢ ᠬᠠᠷᠠᠯᠠᠭᠤᠯᠬᠤ ᠪᠠᠷ   ᠬᠠᠷᠠᠯᠳᠠ ᠪᠠᠨ ᠪᠤᠯᠭᠠᠬᠰᠠᠨ ᠴᠢᠳᠭᠦᠷ ᠶᠤᠮ᠃   ᠠᠮᠢᠳᠠᠨ ᠪᠦᠭᠦᠨ ᠢ ᠢᠳᠡᠵᠦ   ᠠᠮᠢ ᠪᠠᠨ ᠭᠠᠭᠴᠠ ᠦᠯᠡᠳᠡᠭᠡᠬᠦ ᠭᠡᠵᠦ   ᠠᠭᠠᠷ ᠲᠡᠭᠷᠢ ᠶᠢ ᠴᠤ ᠪᠠᠰᠠ   ᠠᠪᠴᠤ ᠡᠵᠡᠯᠡᠬᠦ ᠰᠠᠨᠠᠭ᠎ᠠ ᠲᠠᠢ ᠶᠤᠮ᠃   ᠠᠷᠠᠳ ᠪᠦᠭᠦᠨ ᠨᠢᠬᠳᠠᠷᠠᠵᠤ   ᠠᠷᠪᠠᠨ ᠵᠦᠭ ᠢ ᠴᠠᠬᠳᠠᠵᠤ   ᠠᠳᠤᠭᠤᠰ ᠮᠠᠩᠭᠤᠰ ᠤᠨ ᠬᠦᠳᠡᠯᠦᠯ ᠢ   ᠠᠵᠢᠬᠯᠠᠨ ᠰᠢᠨᠵᠢᠯᠡᠨ ᠮᠡᠳᠡᠵᠦ   ᠬᠦᠴᠦᠨ ᠴᠢᠳᠠᠯ ᠢᠶᠠᠨ ᠨᠢᠭᠡᠳᠭᠡᠵᠦ   ᠬᠦᠮᠦᠨ ᠪᠦᠭᠦᠨ ᠬᠦᠴᠦᠯᠡᠵᠦ   ᠬᠦᠨᠦᠭᠡᠯᠳᠡ ᠳᠠᠶᠢᠰᠤᠨ ᠪᠦᠭᠦᠨ ᠢ   ᠬᠦᠷᠦᠰᠦᠳᠦ ᠳᠡᠯᠡᠭᠡᠢ ᠠᠴᠠ ᠦᠯᠳᠡᠨ   ᠬᠠᠮᠤᠬ ᠠᠮᠢᠳᠠᠨ ᠵᠢᠷᠭᠤᠭᠠᠨ ᠵᠦᠢᠯ ᠳᠤ   ᠬᠠᠮᠳᠤ ᠶᠢᠨ ᠵᠢᠷᠭᠠᠯ ᠢ ᠡᠳ᠋ᠯᠡᠬᠦᠯᠵᠦ   ᠨᠤᠳᠤᠬ ᠤᠰᠤ ᠪᠠᠨ ᠬᠠᠮᠠᠭᠠᠯᠠᠨ   ᠨᠢᠭᠦᠯᠳᠦ ᠬᠢᠯᠢᠨᠴᠡ ᠶᠢ ᠬᠢᠴᠢᠶᠡᠵᠦ   ᠠᠬᠰᠢᠷᠠᠭ᠎ᠠ ᠨᠠᠰᠤᠳᠠᠨ ᠢᠶᠠᠨ ᠠᠰᠠᠷᠠᠵᠤ   ᠠᠩᠭ᠎ᠠ ᠨᠢᠯᠬ᠎ᠠ ᠪᠠᠨ ᠬᠦᠮᠦᠵᠢᠭᠦᠯᠵᠦ   ᠠᠯᠳᠠ ᠬᠦᠷᠦᠩᠭᠡ ᠪᠠᠨ ᠬᠠᠮᠠᠭᠠᠯᠠᠵᠤ   ᠠᠭᠤᠯᠠ ᠤᠰᠤ ᠪᠠᠨ ᠨᠠᠨᠳᠢᠩᠨᠠᠵᠤ   ᠠᠳᠤᠭᠤ ᠮᠠᠯ ᠢᠶᠠᠨ ᠦᠷᠡᠵᠢᠭᠦᠯᠦᠨ   ᠠᠮᠤᠷ ᠲᠦᠪᠰᠢᠨ ᠠᠮᠢᠳᠤᠷᠠᠬᠳᠤᠨ ᠭᠡᠵᠦ ᠰᠤᠷᠭᠠᠬᠰᠠᠨ ᠶᠤᠮ᠃   ᠡᠬᠡ ᠤᠷᠤᠨ ᠨᠤᠳᠤᠬ ᠢᠶᠠᠨ   ᠦᠵᠡᠬᠦ ᠨᠢᠳᠦ ᠪᠠᠨ ᠰᠢᠭ ᠬᠠᠶᠢᠷᠠᠯᠠᠵᠤ   ᠠᠳᠠᠭᠠᠳᠠᠨ ᠳᠠᠶᠢᠰᠤᠨ ᠤ   ᠠᠶᠤᠯ ᠵᠤᠪᠠᠯᠠᠩ ᠢ ᠰᠠᠷᠭᠡᠶᠢᠯᠡᠵᠦ   ᠰᠦᠨᠢ ᠡᠳᠦᠷ ᠤᠨ ᠬᠤᠪᠢᠨ ᠳᠤ   ᠰᠡᠷᠭᠡᠭ ᠰᠤᠷᠭᠤᠬ ᠪᠠᠶᠢᠵᠤ   ᠰᠡᠭᠴᠢᠵᠦ ᠢᠷᠡᠬᠦ ᠳᠠᠶᠢᠰᠤᠨ ᠢ   ᠰᠡᠭ ᠦᠭᠡᠢ ᠪᠤᠯᠳᠠᠯ᠎ᠠ ᠰᠦᠨᠦᠭᠡᠵᠦ   ᠰᠦᠷᠦᠭ ᠲᠠᠢ ᠮᠠᠯ ᠢᠶᠠᠨ ᠬᠠᠮᠠᠭᠠᠯᠠᠨ   ᠬᠡᠦᠭᠡᠳ ᠨᠢᠯᠬ᠎ᠠ ᠬᠦᠷᠳᠡᠯ᠎ᠡ ᠪᠠᠨ   ᠬᠦᠷ ᠬᠦᠭᠵᠢᠶᠡᠨ ᠲᠠᠢ ᠴᠡᠩᠭᠡᠵᠦ   ᠬᠦᠷᠦᠩᠭᠡ ᠪᠤᠶᠠᠨ ᠲᠠᠢ ᠪᠠᠶᠠᠵᠢᠨ   ᠬᠦᠷᠰᠢ ᠵᠡᠷᠭᠡᠯᠡᠳᠡᠭᠡ ᠲᠠᠢ ᠪᠠᠨ ᠡᠶᠡᠳᠡᠢ   ᠬᠦᠭᠵᠢᠯ ᠨᠠᠶᠢᠷ ᠲᠠᠢ ᠠᠮᠢᠳᠤᠷᠠᠨ   ᠬᠠᠨᠳᠤᠬᠰᠠᠨ ᠵᠦᠭ ᠲᠤ ᠪᠠᠨ   ᠬᠠᠷᠰᠢ ᠰᠠᠭᠠᠳ ᠦᠭᠡᠢ   ᠬᠠᠮᠳᠤ ᠤᠯᠠᠨ ᠤ ᠪᠠᠨ ᠬᠦᠴᠦᠨ ᠢᠶᠠᠷ   ᠬᠠᠶᠢᠷᠠᠳᠤ ᠤᠷᠤᠨ ᠢᠶᠠᠨ ᠬᠠᠮᠠᠭᠠᠯᠠᠬᠳᠤᠨ ᠭᠡᠵᠦ ᠰᠤᠷᠭᠠᠬᠰᠠᠨ ᠶᠤᠮ᠃   ᠬᠦᠮᠦᠨ ᠤ ᠤᠷᠴᠢᠯᠠᠩ ᠤᠨ ᠠᠮᠢᠳᠤᠷᠠᠯ ᠤᠨ    ᠬᠤᠯᠠ ᠵᠠᠮ ᠤᠨ ᠠᠶᠠᠨ ᠳᠤ   ᠬᠦᠴᠦ ᠬᠦᠯᠦᠰᠦ ᠪᠠᠨ ᠰᠢᠪᠬᠠᠨ   ᠬᠠᠷᠰᠢ ᠰᠠᠭᠠᠳ ᠢ ᠢᠯᠠᠵᠤ   ᠬᠠᠮᠳᠤ ᠤᠯᠠᠨ ᠲᠠᠢ ᠪᠦᠯᠭᠦᠮᠳᠡᠨ   ᠬᠠᠷᠬᠢᠰ ᠬᠦᠴᠦᠨ ᠢ ᠳᠠᠶᠢᠯᠠᠵᠤ   ᠬᠠᠷᠠᠩᠭᠤᠢ ᠶᠢ ᠬᠡᠭᠡᠷᠡᠭᠦᠯᠦᠨ   ᠬᠡᠭᠡᠭᠰᠡᠨ ᠢᠶᠠᠨ ᠤᠯᠵᠤ   ᠬᠡᠮᠳᠦᠭᠰᠡᠨ ᠢᠶᠠᠨ ᠵᠠᠰᠠᠵᠤ   ᠭᠡᠷ ᠨᠤᠳᠤᠬ ᠢᠶᠠᠨ ᠬᠠᠮᠠᠭᠠᠯᠠᠨ   ᠭᠡᠭᠡᠨ ᠰᠠᠷᠠᠭᠤᠯ ᠠᠮᠢᠳᠤᠷᠠᠨ   ᠲᠠᠪᠤᠨ ᠬᠤᠰᠢᠭᠤ ᠮᠠᠯ ᠢᠶᠠᠨ    ᠲᠠᠪᠠᠳᠠᠢ ᠰᠠᠶᠢᠬᠠᠨ ᠦᠰᠭᠡᠵᠦ   ᠲᠠᠩᠰᠤᠬ ᠰᠠᠷᠠᠭᠤᠯ ᠨᠤᠳᠤᠬ ᠲᠤ ᠪᠠᠨ   ᠲᠠᠪᠠᠳᠠᠢ ᠵᠢᠷᠭᠠᠯᠳᠠᠢ ᠠᠮᠢᠳᠤᠷᠠᠨ   ᠤᠮᠤᠬ ᠰᠦᠷ ᠢᠶᠠᠨ ᠪᠠᠳᠠᠷᠠᠭᠤᠯᠤᠨ   ᠤᠷᠮ᠎ᠠ ᠵᠤᠷᠢᠬ ᠲᠠᠢ ᠠᠮᠢᠳᠤᠷᠠᠭᠠᠰᠠᠢ ᠭᠡᠵᠦ ᠰᠤᠷᠭᠠᠬᠰᠠᠨ ᠶᠤᠮ᠃   ᠡᠬᠡ ᠨᠤᠳᠤᠬ ᠢᠶᠠᠨ ᠴᠡᠴᠡᠭᠯᠡᠭᠦᠯᠦᠨ    ᠡᠩᠭᠡ ᠮᠡᠨᠳᠦ ᠪᠠᠨ ᠪᠡᠯᠭᠡᠳᠡᠵᠦ   ᠡᠭᠦᠷᠢᠳᠡ ᠡᠷᠡᠭᠦᠯ ᠮᠡᠨᠳᠦ   ᠡᠮᠵᠡᠭ ᠠᠷᠬᠠᠬ ᠦᠭᠡᠢ   ᠡᠷᠬᠢᠬᠦ ᠳᠦᠷᠪᠡᠨ ᠤᠯᠠᠷᠢᠯ ᠳᠤ   ᠡᠬᠡᠨᠡᠭᠳᠡ ᠪᠠᠨ ᠲᠠᠶᠢᠪᠤᠩ ᠪᠠᠶᠢᠵᠤ   ᠨᠠᠷᠠ ᠬᠤᠷ᠎ᠠ ᠶᠢᠨ ᠰᠢᠮ᠎ᠡ ᠪᠠᠷ   ᠨᠢᠩᠵᠢᠨ ᠰᠠᠳᠬᠢᠯ ᠤᠨ ᠢᠶᠠᠨ ᠢᠪᠡᠭᠡᠯ ᠢᠶᠠᠷ   ᠨᠡᠶᠢᠳᠡ ᠤᠯᠠᠨ ᠤ ᠪᠠᠨ ᠡᠷᠴᠢᠮ ᠢᠶᠠᠷ   ᠨᠢᠭᠦᠯᠳᠦ ᠪᠦᠭᠦᠨ ᠢ ᠰᠦᠨᠦᠭᠡᠵᠦ   ᠨᠡᠷ᠎ᠡ ᠠᠯᠳᠠᠷ ᠢᠶᠠᠨ ᠮᠠᠨᠳᠤᠭᠤᠯᠵᠤ   ᠦᠪᠡᠷ ᠤᠨ ᠪᠡᠶ᠎ᠡ ᠳᠤ ᠪᠠᠨ ᠲᠡᠦᠭᠡ ᠲᠠᠢ   ᠦᠯᠡᠳᠡᠬᠦ ᠬᠤᠶᠢᠴᠢ ᠳᠤ ᠪᠠᠨ ᠳᠤᠷᠠᠰᠬᠠᠯ ᠲᠠᠢ    ᠦᠭᠡᠶᠢᠷᠡᠰᠢ ᠦᠭᠡᠢ ᠡᠷᠳᠡᠨᠢ ᠶᠢᠨ ᠰᠠᠩ ᠢ   ᠦᠷ᠎ᠡ ᠠᠴᠢᠨᠠᠷ ᠲᠤ ᠪᠠᠨ ᠦᠯᠡᠳᠡᠭᠡᠵᠦ   ᠮᠤᠩᠭᠤᠯ ᠦᠨᠳᠦᠰᠦᠳᠡᠨ ᠳᠤ ᠪᠠᠨ    ᠮᠦᠡᠭᠭᠡ ᠶᠢᠨ ᠬᠦᠰᠢᠶ᠎ᠡ ᠪᠤᠰᠬᠠᠳᠤᠭᠠᠢ ᠭᠡᠵᠦ ᠰᠤᠷᠭᠠᠬᠰᠠᠨ ᠶᠤᠮ᠃   ᠠᠰᠪᠤᠷᠢ ᠴᠠᠭᠠᠨ ᠰᠡᠳᠬᠢᠯ ᠢᠶᠠᠷ   ᠠᠷᠠᠳ ᠤᠯᠠᠨ ᠳᠤ ᠪᠠᠨ ᠬᠦᠷᠢᠶᠡᠯᠡᠭᠳᠡᠵᠦ   ᠠᠯᠳᠠᠨ ᠴᠤᠬᠴᠠᠰ ᠪᠡᠶ᠎ᠡ ᠪᠠᠨ   ᠠᠰᠢᠳᠠ ᠶᠢᠨ ᠦᠢᠯᠡᠰ ᠲᠤ ᠪᠠᠨ ᠵᠤᠷᠢᠭᠤᠯᠤᠨ   ᠠᠷᠢᠭᠤᠨ ᠴᠠᠭᠠᠨ ᠰᠦᠯᠳᠡ ᠪᠠᠨ   ᠠᠮᠢᠨ ᠰᠦᠨᠡᠰᠦ ᠪᠠᠨ ᠪᠤᠯᠭᠠᠨ   ᠡᠩᠭᠡ ᠰᠠᠶᠢᠬᠠᠨ ᠤ ᠢᠷᠦᠭᠡᠯ ᠢᠶᠠᠨ   ᠡᠭᠦᠷᠢᠳᠡ ᠶᠢᠨ ᠵᠦᠡᠭᠨᠡᠯ ᠪᠤᠯᠭᠠᠨ   ᠡᠷᠡᠭᠦᠯ ᠡᠩᠭᠡ ᠡᠪᠡᠳᠴᠢᠨ ᠵᠤᠪᠠᠯᠠᠩ ᠦᠭᠡᠢ   ᠡᠬᠡᠨᠡᠭᠳᠡ ᠵᠢᠷᠭᠠᠬᠤ ᠪᠤᠯᠳᠤᠭᠠᠢ ᠭᠡᠵᠦ ᠰᠤᠷᠭᠠᠬᠰᠠᠨ ᠶᠤᠮ᠃   ᠴᠠᠭᠠᠨ ᠢᠳᠡᠭᠡᠨ ᠢᠶᠠᠨ ᠳᠡᠭᠡᠵᠢᠯᠡᠵᠦ ᠶᠠᠪᠤᠨ   ᠴᠠᠯ ᠪᠤᠭᠤᠷᠤᠯ ᠢᠶᠠᠨ ᠬᠦᠨᠳᠦᠯᠡᠵᠦ ᠶᠠᠪᠤᠨ   ᠠᠬ᠎ᠠ ᠳᠡᠭᠦᠦ ᠨᠠᠷ ᠢᠶᠠᠨ ᠲᠤᠰᠠᠯᠠᠵᠤ ᠶᠠᠪᠤᠨ   ᠢᠨᠠᠬ ᠠᠮᠠᠷᠠᠬ ᠢᠶᠠᠨ ᠰᠠᠨᠠᠵᠤ ᠶᠠᠪᠤᠨ   ᠬᠠᠯᠳᠠᠷᠠᠬᠰᠠᠨ ᠨᠢᠭᠡᠨ ᠢᠶᠠᠨ ᠲᠦᠯᠬᠢᠬᠦ ᠦᠭᠡᠢ   ᠬᠠᠵᠠᠶᠢᠬᠰᠠᠨ ᠨᠢᠭᠡᠨ ᠢᠶᠠᠨ ᠡᠷᠬᠦᠵᠦ ᠶᠠᠪᠤᠨ   ᠤᠡᠭᠬᠤᠯᠠᠬᠰᠠᠨ ᠨᠢᠭᠡᠨ ᠢᠶᠠᠨ ᠪᠤᠰᠬᠠᠵᠤ ᠶᠠᠪᠤᠨ   ᠦᠨᠦᠴᠢᠨ ᠨᠢᠭᠡᠨ ᠢᠶᠠᠨ ᠦᠷᠦ ᠡᠪᠡᠳᠴᠦ ᠶᠠᠪᠤᠨ   ᠦᠭᠡᠳᠡᠭᠰᠡᠨ ᠨᠢᠭᠡᠨ ᠢᠶᠠᠨ ᠠᠪᠤᠷᠠᠵᠤ ᠶᠠᠪᠤᠨ   ᠦᠭᠡᠳᠡᠯᠡᠭᠰᠡᠨ ᠨᠢᠭᠡᠨ ᠢᠶᠠᠨ ᠲᠡᠮᠵᠢᠵᠦ ᠶᠠᠪᠤᠨ   ᠦᠯᠡᠮᠵᠢ ᠵᠢᠷᠭᠠᠯ ᠢ ᠡᠵᠡᠯᠡᠰᠦᠭᠡᠢ ᠭᠡᠵᠦ ᠰᠤᠷᠭᠠᠬᠰᠠᠨ ᠶᠤᠮ᠃   ᠠᠷᠪᠠᠨ ᠭᠤᠷᠪᠠᠨ ᠤᠪᠤᠭ᠎ᠠ ᠪᠠᠨ ᠳᠠᠬᠢᠵᠤ ᠶᠠᠪᠤᠨ   ᠠᠶᠤᠯᠳᠤ ᠮᠠᠩᠭᠤᠰ ᠢ ᠳᠠᠷᠤᠵᠤ ᠶᠠᠪᠤᠨ   ᠠᠪᠤ ᠡᠵᠢ ᠪᠠᠨ ᠬᠦᠨᠳᠦᠯᠡᠵᠦ ᠶᠠᠪᠤᠨ   ᠠᠶᠤᠯ ᠪᠡᠷᠭᠡ ᠶᠢ ᠳᠠᠭᠤᠯᠠᠵᠤ ᠶᠠᠪᠤᠨ   ᠠᠰ ᠤᠨ ᠪᠡᠶ᠎ᠡ ᠪᠠᠨ ᠬᠠᠮᠠᠭᠠᠯᠠᠵᠤ ᠶᠠᠪᠤᠨ   ᠠᠷᠭ᠎ᠠ ᠪᠢᠯᠢᠭ ᠢᠶᠠᠨ ᠲᠡᠩᠴᠡᠭᠦᠯᠵᠦ ᠶᠠᠪᠤᠨ   ᠠᠯᠳᠠᠷ ᠨᠡᠷ᠎ᠡ ᠪᠠᠨ ᠳᠠᠭᠤᠷᠢᠰᠤᠭᠤᠯᠵᠤ ᠶᠠᠪᠤᠨ   ᠠᠵᠠ ᠵᠢᠷᠭᠠᠯ ᠢ ᠡᠳ᠋ᠯᠡᠵᠦ ᠶᠠᠪᠤᠭᠳᠤᠨ ᠭᠡᠵᠦ   ᠪᠤᠬᠳᠠ ᠬᠡᠰᠡᠷ ᠬᠠᠭᠠᠨ   ᠪᠤᠯᠳᠤ ᠤᠯᠠᠨ ᠢ ᠰᠤᠷᠭᠠᠬᠰᠠᠨ ᠶᠤᠮ᠃  
 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠵᠠᠰᠠᠭ ᠎ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1