ᠲᠡᠵᠢᠭᠡᠯ ᠡᠪᠡᠰᠣ ᠪᠤᠷᠳᠣᠭᠠᠨ ᠲᠠᠷᠢᠮᠠᠯ ᠤᠨ ᠬᠠᠪᠤᠷ ᠤᠨ ᠤᠯᠠᠷᠢᠯ ᠲᠠᠬᠢ ᠬᠠᠮᠢᠶᠠᠷᠤᠯᠳᠠ
ᠨᠡᠶᠢᠲᠡᠯᠡᠭᠰᠡᠨ ᠴᠠᠭ᠄
2017/9/30
    ᠬᠠᠪᠤᠷ ᠤᠨ ᠤᠯᠠᠷᠢᠯ ᠳᠤ ᠲᠡᠵᠢᠭᠡᠯ ᠡᠪᠡᠰᠤ ᠪᠣᠯᠤᠨ ᠲᠡᠵᠢᠭᠡᠯ ᠪᠣᠷᠳᠤᠭᠠᠨ ᠤ ᠲᠠᠷᠢᠮᠠᠯ ᠤᠨ ᠵᠦᠢᠯ ᠤᠨ ᠭᠠᠷᠤᠯᠳᠠ ᠪᠠ ᠬᠠᠩᠭᠠᠯᠳᠠ ᠲᠤᠳᠠᠮᠠᠭ ᠤᠯᠠᠷᠢᠯ ᠶᠤᠮ᠂ ᠭᠡᠪᠡᠴᠤ ᠲᠠᠷᠢᠵᠤ ᠪᠤᠶᠢᠵᠢᠭᠤᠯᠬᠤ ᠳᠤ ᠬᠠᠮᠤᠭ ᠤᠨ ᠰᠠᠶᠢᠨ ᠲᠤᠬᠢᠷᠠᠮᠵᠢᠳᠢ ᠤᠯᠠᠷᠢᠯ ᠮᠦᠨ᠃ ᠮᠠᠯ ᠮᠠᠯᠵᠢᠵᠤ ᠪᠠᠶᠢᠭ᠎ᠠ ᠡᠷᠣᠭᠡ ᠪᠣᠯᠤᠨ ᠲᠡᠵᠢᠭᠡᠯ ᠡᠪᠡᠰᠤ ᠪᠤᠷᠳᠤᠭ᠎ᠠ ᠦᠢᠯᠡᠳᠪᠤᠷᠢᠯᠡᠬᠦ ᠲᠤᠰᠬᠠᠢ ᠡᠷᠤᠭᠡ ᠶᠢᠨ ᠡᠪᠡᠰᠣ ᠪᠤᠷᠳᠣᠭᠠᠨ ᠤ ᠲᠠᠷᠢᠮᠠᠯ ᠲᠠᠷᠢᠬᠤ ᠴᠢᠬᠤᠯᠠ ᠴᠠᠭ ᠦᠶ᠎ᠡ ᠮᠦᠨ᠃      ᠨᠢᠭᠡ᠂ ᠲᠠᠷᠢᠬᠤ ᠡᠪᠡᠰᠤᠨ ᠤ ᠲᠥᠷᠥᠯ ᠵᠥᠢᠯ ᠢᠶᠠᠨ ᠵᠤᠬᠢᠰᠳᠠᠢ ᠰᠤᠩᠭᠤᠬᠤ      ᠲᠠᠷᠢᠬᠤ ᠡᠪᠡᠰᠤᠨ ᠤ ᠲᠥᠷᠥᠯ ᠵᠥᠢᠯ ᠢ ᠰᠤᠩᠭᠤᠬᠤ ᠥᠶᠡᠰ᠂ ᠠᠳᠠᠯᠢ ᠪᠣᠰᠤ ᠲᠡᠵᠢᠭᠡᠯ ᠡᠪᠡᠰᠤ ᠪᠣᠯᠤᠨ ᠪᠣᠷᠳᠤᠭᠠᠨ ᠲᠠᠷᠢᠮᠠᠯ ᠤᠨ ᠪᠢᠤᠯᠤᠭᠢ ᠶᠢᠨ ᠤᠨᠴᠠᠯᠢᠭ᠂ ᠴᠠᠭ ᠤᠯᠠᠷᠢᠯ ᠤᠨ ᠤᠨᠴᠠᠯᠢᠭ ᠶᠢ ᠦᠨᠳᠣᠰᠣᠯᠡᠨ᠂ ᠲᠤᠰ ᠭᠠᠵᠠᠷ ᠤᠷᠤᠨ ᠤ ᠴᠠᠭ ᠤᠯᠠᠷᠢᠯ ᠳᠤ ᠵᠤᠭᠢᠴᠠᠬᠤ᠂ ᠬᠠᠪᠤᠷ ᠤᠨ ᠤᠯᠠᠷᠢᠯ ᠳᠤ ᠲᠠᠷᠢᠵᠤ ᠪᠣᠯᠬᠤ ᠡᠪᠡᠰᠤᠨ ᠤ ᠰᠣᠷᠲ ᠪᠤᠶᠤ ᠡᠪᠡᠰᠣᠨ ᠦᠷ᠎ᠡ ᠶᠢ ᠰᠤᠩᠭᠤᠵᠤ ᠲᠠᠷᠢᠨ᠎ᠠ᠃ ᠰᠢᠨ᠎ᠠ ᠡᠭᠦᠯᠳᠠᠷ ᠢ ᠰᠤᠩᠭᠤᠬᠤ ᠥᠶᠡᠰ᠂ ᠤᠷᠢᠳᠠᠪᠡᠷ ᠪᠠᠭ᠎ᠠ ᠬᠡᠪᠴᠢᠶ᠎ᠡ ᠪᠠᠷ ᠲᠠᠷᠢᠵᠤ ᠲᠤᠷᠰᠢᠨ᠂ ᠲᠠᠷᠢᠵᠦ ᠲᠤᠬᠢᠷᠠᠭᠰᠠᠨ ᠤ ᠰᠡᠬᠦᠯᠡᠷ ᠲᠠᠷᠢᠬᠤ ᠲᠠᠯᠠᠪᠠᠢ ᠪᠠᠨ ᠥᠷᠭᠡᠳᠭᠡᠬᠦ ᠭᠡᠷᠡᠭᠳᠠᠢ᠃ ᠮᠠᠨ ᠤ ᠣᠷᠤᠨ ᠳᠤ ᠲᠤᠬᠢᠷᠠᠬᠤ ᠡᠪᠡᠰᠣᠨ ᠤ ᠲᠦᠷᠤᠯ ᠳᠤ᠂ ᠲᠠᠷᠤᠰᠢ ᠪᠤᠷᠳᠣᠭᠠᠨ ᠤ ᠡᠷᠳᠡᠨᠢ ᠰᠢᠰᠢ᠂ ᠴᠠᠷᠭᠠᠰᠣ᠂ ᠰᠦᠳᠠᠨ ᠡᠪᠡᠰᠣ᠂ ᠭᠤᠤᠳᠠᠨ ᠡᠪᠡᠰᠣ᠂ ᠬᠠᠷ᠎ᠠ ᠪᠤᠭᠤᠳᠠᠢ ᠵᠡᠷᠭᠡ ᠡᠪᠡᠰᠣ ᠪᠤᠢ᠃   ᠬᠤᠶᠠᠷ᠂ ᠡᠪᠡᠰᠣ ᠪᠤᠷᠳᠣᠭᠠᠨ ᠤ ᠲᠠᠷᠢᠮᠠᠯ ᠢ ᠵᠤᠬᠢᠰᠳᠠᠢ ᠲᠠᠷᠢᠬᠤ ᠮᠡᠷᠭᠡᠵᠢᠯ   1᠂ ᠲᠠᠷᠢᠬᠤ ᠬᠤᠭᠤᠴᠠᠭ᠎ᠠ ᠪᠠᠨ ᠰᠠᠶᠢᠳᠤᠷ ᠰᠤᠩᠭᠤᠬᠤ   ᠤᠯᠠᠩᠬᠢ ᠨᠢᠭᠡ ᠨᠠᠰᠤᠳᠤ ᠲᠡᠵᠢᠭᠡᠯ ᠡᠪᠡᠰᠤ ᠪᠣᠯᠤᠨ ᠲᠡᠵᠢᠭᠡᠯ ᠪᠣᠷᠳᠤᠭᠠᠨ ᠤ ᠲᠠᠷᠢᠮᠠᠯ ᠢ ᠬᠠᠪᠤᠷ ᠲᠠᠷᠢᠳᠠᠭ᠃ ᠤᠰᠤᠯᠠᠬᠤ ᠨᠥᠬᠦᠴᠠᠯ ᠲᠠᠢ ᠪᠣᠶᠤ ᠬᠥᠷᠥᠰᠥᠨ ᠤ ᠴᠢᠬᠢᠭ ᠰᠠᠶᠢᠨ᠂ ᠭᠠᠵᠠᠷ ᠰᠢᠷᠤᠢ ᠶᠢᠨ ᠢᠳᠡᠭᠳᠡᠯ ᠪᠠᠭ᠎ᠠ᠂ ᠭᠠᠵᠠᠷ ᠲᠡᠭᠰᠢᠯᠡᠭᠦ ᠴᠢᠨᠠᠷ ᠢᠶᠠᠷ ᠰᠠᠶᠢᠨ ᠤᠷᠤᠨ ᠳᠤ ᠤᠯᠠᠨ ᠨᠠᠰᠤᠳᠤ ᠲᠡᠵᠢᠭᠡᠯ ᠡᠪᠡᠰᠤ ᠢ ᠴᠦ ᠬᠠᠪᠤᠷ ᠲᠠᠷᠢᠵᠤ ᠪᠣᠯᠤᠨ᠎ᠠ᠃ ᠬᠠᠪᠤᠷ ᠡᠪᠡᠰᠣ ᠪᠤᠷᠳᠣᠭᠠᠨ ᠤ ᠲᠠᠷᠢᠮᠠᠯ ᠲᠠᠷᠢᠬᠤ ᠳᠤ᠂ ᠵᠤᠨ ᠪᠤᠯᠤᠨ ᠨᠠᠮᠤᠷ ᠤᠨ ᠤᠯᠠᠷᠢᠯ ᠤᠨ ᠬᠤᠷ᠎ᠠ ᠪᠤᠷᠤᠭᠠᠨ᠂ ᠢᠯᠴᠢ ᠶᠢᠨ ᠡᠨᠧᠷᠬᠢ ᠵᠡᠷᠭᠡ ᠪᠠᠶᠢᠭᠠᠯᠢ ᠶᠢᠨ ᠡᠬᠢ ᠰᠤᠷᠪᠤᠯᠵᠢ ᠶᠢ ᠠᠰᠢᠭᠯᠠᠵᠤ ᠪᠤᠯᠤᠨ᠎ᠠ᠃ ᠭᠡᠳᠡᠯ᠎ᠡ ᠬᠠᠪᠤᠷ ᠤᠨ ᠤᠯᠠᠷᠢᠯ ᠳᠤ ᠤᠯᠠᠩᠬᠢ ᠳᠠᠭᠠᠨ ᠵᠡᠷᠯᠢᠭ ᠡᠪᠡᠰᠤᠨ ᠤ ᠬᠥᠨᠥᠭᠡᠯ ᠢ ᠠᠮᠠᠷᠬᠠᠨ ᠬᠥᠷᠳᠡᠳᠡᠭ ᠤᠴᠢᠷ ᠠᠴᠠ ᠲᠠᠷᠢᠶᠠᠨ ᠳᠠᠬᠢ ᠬᠠᠮᠢᠶᠠᠷᠤᠯᠳᠠ ᠪᠠᠨ ᠴᠢᠩᠭᠠᠳᠬᠠᠵᠤ᠂ ᠲᠠᠷᠢᠶ᠎ᠠ ᠠᠷᠴᠢᠬᠤ ᠥᠶᠡᠰ ᠵᠡᠷᠯᠢᠭ ᠡᠪᠡᠰᠤ ᠶᠢ ᠰᠠᠶᠢᠳᠤᠷ ᠠᠷᠢᠯᠭᠠᠬᠤ ᠭᠡᠷᠡᠭᠳᠠᠢ᠃   2᠂ ᠡᠪᠡᠰᠣ ᠪᠤᠷᠳᠣᠭᠠᠨ ᠤ ᠲᠠᠷᠢᠮᠠᠯ ᠢ ᠵᠤᠭᠢᠰᠳᠠᠢ ᠲᠠᠷᠢᠬᠤ ᠠᠷᠭ᠎ᠠ ᠬᠡᠮᠵᠢᠶ᠎ᠡ   ᠲᠡᠵᠢᠭᠡᠯ ᠡᠪᠡᠰᠤᠨ ᠤ ᠠᠰᠢᠭ ᠤᠷᠤᠯᠭ᠎ᠠ ᠪᠣᠯᠤᠨ ᠬᠤᠷᠢᠶᠠᠯᠳᠠ ᠶᠢ ᠨᠡᠮᠡᠭᠳᠠᠭᠦᠯᠭᠦ ᠳᠤ ᠵᠤᠬᠢᠰᠲᠠᠢ ᠲᠠᠷᠢᠬᠤ ᠬᠤᠭᠤᠴᠠᠭ᠎ᠠ ᠶᠢ ᠰᠤᠩᠭᠤᠬᠤ ᠠᠴᠠ ᠭᠠᠳᠠᠨ᠎ᠠ ᠪᠠᠰᠠ ᠵᠤᠬᠢᠰᠳᠠᠢ ᠠᠷᠭ᠎ᠠ ᠬᠡᠮᠵᠢᠶ᠎ᠡ ᠪᠣᠯᠤᠨ ᠮᠡᠷᠭᠡᠵᠢᠯ ᠢ ᠡᠵᠡᠮᠰᠢᠬᠦ ᠭᠡᠷᠡᠭᠳᠠᠢ᠃ ᠲᠡᠵᠢᠭᠡᠯ ᠡᠪᠡᠰᠤ ᠶᠢ ᠲᠠᠷᠢᠬᠤ ᠳᠤ ᠤᠯᠠᠩᠬᠢ ᠳᠠᠭᠠᠨ ᠵᠤᠷᠬᠠᠯᠠᠨ ᠲᠠᠷᠢᠬᠤ᠂ ᠰᠠᠴᠤᠵᠤ ᠲᠠᠷᠢᠬᠤ᠂ ᠴᠣᠨᠣᠭᠯᠠᠨ ᠲᠠᠷᠢᠬᠤ ᠵᠡᠷᠭᠡ ᠬᠡᠳᠤᠨ ᠠᠷᠭ᠎ᠠ ᠪᠠᠶᠢᠳᠠᠭ᠃ ᠵᠤᠷᠬᠠᠯᠠᠨ ᠲᠠᠷᠢᠬᠤ ᠨᠢ ᠮᠧᠬᠠᠨᠢᠭ ᠪᠣᠶᠤ ᠬᠥᠮᠥᠨ ᠤ ᠬᠥᠴᠥᠨ ᠢᠶᠠᠷ ᠵᠤᠬᠢᠬᠤ ᠵᠠᠢ ᠠᠯᠤᠰᠯᠠᠭᠤᠯᠵᠤ ᠵᠤᠷᠬ᠎ᠠ ᠭᠠᠷᠭᠠᠨ ᠲᠠᠷᠢᠬᠤ ᠶᠢ ᠬᠡᠯᠡᠵᠤ ᠪᠤᠢ᠃ ᠵᠤᠷᠬ᠎ᠠ ᠶᠢᠨ ᠵᠠᠢ ᠶᠢ ᠬᠥᠷᠥᠰᠥ ᠰᠢᠷᠤᠢ ᠶᠢᠨ ᠥᠩ ᠰᠢᠮ᠎ᠠ ᠪᠤᠶᠤ ᠤᠰᠤᠯᠠᠬᠤ ᠨᠥᠬᠦᠴᠠᠯ ᠢᠶᠠᠨ ᠥᠨᠳᠥᠰᠥᠯᠡᠵᠤ ᠲᠤᠭᠳᠠᠭᠠᠨ᠎ᠠ᠃ ᠤᠯᠠᠩᠬᠢ ᠳᠠᠭᠠᠨ ᠵᠤᠷᠬ᠎ᠠ ᠶᠢᠨ ᠵᠠᠢ ᠶᠢ 15 — 30 ᠰᠡᠨᠲ᠋ᠢᠮᠧᠳ᠋ᠷ ᠪᠠᠶᠢᠯᠭᠠᠵᠤ᠂ ᠴᠢᠭᠢᠭᠯᠢᠭ ᠣᠷᠣᠨ ᠪᠣᠶᠤ ᠤᠰᠤᠯᠠᠬᠤ ᠨᠥᠬᠦᠴᠠᠯ ᠲᠠᠢ ᠭᠠᠩ ᠬᠠᠭᠤᠷᠠᠢ ᠤᠷᠤᠨ ᠳᠤ ᠵᠤᠷᠬ᠎ᠠ ᠶᠢᠨ ᠵᠠᠢ ᠶᠢ 15 ᠰᠡᠨᠲ᠋ᠢᠮᠧᠳ᠋ᠷ ᠪᠠᠶᠢᠯᠭᠠᠪᠠᠯ ᠬᠠᠮᠤᠭ ᠲᠤᠬᠢᠷᠠᠮᠵᠢᠳᠠᠢ᠃ ᠤᠰᠤᠯᠠᠬᠤ ᠨᠥᠬᠦᠴᠠᠯ ᠥᠭᠡᠢ ᠭᠠᠩ ᠬᠠᠭᠤᠷᠠᠢ ᠤᠷᠤᠨ ᠳᠤ ᠵᠤᠷᠬ᠎ᠠ ᠶᠢᠨ ᠵᠠᠢ ᠶᠢ 30 ᠰᠡᠨᠲ᠋ᠢᠮᠧᠳ᠋ᠷ ᠪᠠᠶᠢᠯᠭᠠᠪᠠᠯ ᠵᠤᠬᠢᠨ᠎ᠠ᠃ ᠰᠠᠴᠤᠵᠤ ᠲᠠᠷᠢᠬᠤ ᠨᠢ ᠲᠡᠵᠢᠬᠡᠯ ᠡᠪᠡᠰᠤᠨ ᠥᠷ᠎ᠡ ᠶᠢ ᠨᠢᠭᠡᠨᠳᠠ ᠲᠡᠭᠰᠢᠯᠡᠭᠰᠡᠨ ᠬᠥᠷᠥᠰᠥᠨ ᠤ ᠭᠠᠳᠠᠷᠭᠤ ᠲᠡᠭᠡᠷ᠎ᠡ ᠬᠥᠮᠥᠨ ᠤ ᠬᠥᠴᠥ ᠪᠠᠷ ᠪᠤᠶᠥ ᠮᠧᠬᠠᠨᠢᠭ ᠢᠶᠠᠷ ᠵᠢᠭᠳᠡ ᠰᠠᠴᠤᠵᠤ᠂ ᠬᠥᠩᠬᠡᠨ ᠨᠠᠷᠠᠭᠳᠠᠵᠤ᠂ ᠰᠢᠷᠤᠢ ᠬᠤᠴᠢᠬᠤ ᠪᠣᠶᠤ ᠬᠤᠴᠢᠬᠤ ᠥᠬᠡᠢ ᠳᠤ ᠪᠣᠯᠤᠨ᠎ᠠ᠃ ᠲᠤᠰ ᠠᠷᠭ᠎ᠠ ᠪᠠᠷ ᠲᠠᠷᠢᠪᠠᠯ ᠴᠢᠬᠢᠯᠡᠭᠦ ᠨᠢ ᠵᠢᠭᠳᠡ ᠥᠭᠡᠢ ᠪᠠᠶᠢᠵᠤ᠂ ᠶᠡᠭᠡ ᠬᠡᠪᠴᠢᠶ᠎ᠡ ᠪᠠᠷ ᠲᠠᠷᠢᠬᠤ ᠳᠤ ᠲᠤᠬᠢᠷᠠᠨ᠎ᠠ᠃ ᠴᠤᠨᠤᠭᠯᠠᠨ ᠲᠠᠷᠢᠬᠤ ᠪᠣᠯ ᠲᠠᠷᠤᠢ ᠵᠤᠷᠬ᠎ᠠ ᠪᠣᠶᠤ ᠳᠠᠯᠠᠩ ᠲᠡᠭᠡᠷ᠎ᠡ ᠴᠤᠨᠤᠭ ᠭᠠᠷᠭᠠᠵᠤ ᠲᠠᠷᠢᠬᠤ ᠪᠣᠶᠤ ᠡᠰᠡᠭᠦᠯ᠎ᠡ ᠵᠤᠷᠬ᠎ᠠ ᠶᠢᠨ ᠲᠤᠮᠳᠠ ᠰᠤᠪᠠᠭ ᠲᠠᠳᠠᠵᠤ ᠵᠤᠬᠢᠬᠤ ᠵᠠᠢ ᠠᠯᠤᠰᠯᠠᠬᠤ ᠪᠥᠷᠢ ᠥᠷ᠎ᠡ ᠬᠠᠶᠠᠵᠤ ᠲᠠᠷᠢᠬᠤ ᠠᠷᠭ᠎ᠠ ᠪᠤᠯᠤᠨ᠎ᠠ᠃ ᠲᠤᠰ ᠠᠷᠭ᠎ᠠ ᠨᠢ ᠲᠤᠮᠤ ᠮᠥᠬᠦᠯᠢᠭᠳᠦ ᠥᠷ᠎ᠡ ᠶᠢ ᠲᠠᠷᠢᠬᠤ ᠳᠤ ᠵᠤᠬᠢᠴᠠᠵᠤ᠂ ᠰᠦᠳᠠᠨ ᠡᠪᠡᠰᠣ᠂ ᠤᠷᠤᠰ ᠨᠤᠭᠤᠭ᠎ᠠ ᠵᠡᠷᠭᠡ ᠰᠠᠬᠤᠯᠢᠭ ᠤᠷᠭᠤᠬᠤ ᠡᠪᠡᠰᠣ ᠪᠤᠷᠳᠣᠭᠠᠨ ᠲᠠᠷᠢᠮᠠᠯ ᠢ ᠲᠠᠷᠢᠬᠤ ᠳᠤ ᠬᠡᠷᠡᠭᠯᠡᠨ᠎ᠡ᠃ ᠴᠤᠨᠤᠭᠯᠠᠵᠤ ᠲᠠᠷᠢᠪᠠᠯ ᠥᠷ᠎ᠡ ᠳᠤ ᠠᠷᠪᠢᠳᠠᠢ᠂ ᠴᠢᠬᠢᠯᠡᠭᠦ ᠳᠤ ᠠᠮᠠᠷᠬᠠᠨ᠂ ᠴᠢᠬᠢ ᠰᠢᠩᠬᠡᠯᠡᠬᠦ ᠳᠤ ᠲᠥᠬᠦᠮ ᠪᠠᠶᠢᠳᠠᠭ᠃ ᠭᠡᠪᠡᠴᠤ ᠲᠠᠷᠢᠬᠤ ᠥᠶᠡᠰ ᠬᠥᠳᠡᠯᠮᠥᠷᠢ ᠬᠥᠴᠥ ᠳᠤ ᠠᠷᠪᠢ ᠥᠬᠡᠢ᠃   3᠂ ᠲᠠᠷᠢᠬᠤ ᠭᠦᠨ ᠤ ᠬᠡᠮᠵᠢᠶ᠎ᠡ ᠶᠢ ᠡᠵᠡᠮᠰᠢᠭᠦ     ᠡᠪᠡᠰᠤ ᠲᠠᠷᠢᠬᠤ ᠥᠶᠡᠰ ᠭᠤᠤᠯᠳᠠᠭᠤ ᠥᠷ᠎ᠡ ᠶᠢᠨ ᠮᠥᠬᠦᠯᠢᠭ ᠨᠢ ᠲᠤᠮᠤ ᠰᠢᠭ᠋ ᠪᠣᠯ ᠬᠥᠨ ᠰᠢᠭ ᠲᠠᠷᠢᠨ᠎ᠠ᠃ ᠴᠢᠬᠢᠭᠯᠢᠭ ᠬᠥᠷᠥᠰᠥᠨ ᠳᠤ ᠬᠥᠢᠬᠡᠨ ᠲᠠᠷᠢᠵᠤ᠂ ᠬᠠᠭᠤᠷᠠᠢ ᠰᠢᠭ ᠬᠥᠷᠥᠰᠥᠨ ᠳᠤ ᠬᠥᠨ ᠰᠢᠭ ᠲᠠᠷᠢᠪᠠᠯ ᠵᠤᠬᠢᠰᠳᠠᠢ᠃ ᠭᠡᠪᠡᠴᠥ ᠶᠠᠮᠠᠷ ᠪᠠᠶᠢᠳᠠᠯ ᠲᠤᠤᠷ᠎ᠠ ᠴᠦ ᠭᠡᠳ ᠥᠩᠭᠡᠷᠡᠭᠦ ᠬᠥᠨ ᠲᠠᠷᠢᠵᠥ ᠵᠤᠵᠠᠭᠠᠨ ᠰᠢᠷᠤᠢ ᠰᠠᠴᠤᠨ᠂ ᠴᠢᠬᠢᠭᠯᠡᠭᠦ ᠶᠢ ᠬᠠᠷᠰᠢᠯᠠᠬᠤ ᠠᠴᠠ ᠰᠡᠷᠭᠡᠶᠢᠯᠡᠨ᠎ᠠ᠃ ᠪᠠᠰᠠ ᠥᠩᠭᠡᠷᠡᠭᠦ ᠬᠥᠢᠬᠡᠨ ᠲᠠᠷᠢᠵᠤ ᠥᠷ᠎ᠡ ᠶᠢᠨ ᠬᠠᠳᠠᠵᠤ ᠴᠢᠬᠢᠯᠡᠭᠦ ᠥᠭᠡᠢ ᠠᠴᠠ ᠰᠡᠷᠭᠡᠶᠢᠯᠡᠭᠦ ᠭᠡᠷᠡᠭᠳᠠᠢ᠃   4᠂ ᠲᠠᠷᠢᠬᠤ ᠬᠡᠮᠵᠢᠶ᠎ᠡ ᠶᠢ ᠡᠵᠡᠮᠰᠢᠬᠦ       ᠲᠤᠬᠢᠷᠠᠮᠵᠢᠳᠠᠢ ᠲᠠᠷᠢᠬᠤ ᠬᠡᠮᠵᠢᠶ᠎ᠡ ᠨᠢ ᠶᠡᠷᠥᠨᠢ ᠲᠡᠵᠢᠭᠡᠯ ᠡᠪᠡᠰᠥᠨ ᠤ ᠪᠢᠥᠯᠥᠬᠢ ᠶᠢᠨ ᠣᠨᠴᠠᠯᠢᠭ᠂ ᠥᠷ᠎ᠡ ᠶᠢᠨ ᠮᠥᠬᠦᠯᠢᠭ ᠤᠨ ᠶᠡᠭᠡ ᠪᠠᠭ᠎ᠠ᠂ ᠥᠷ᠎ᠡ ᠶᠢᠨ ᠴᠡᠪᠡᠷᠴᠠ᠂ ᠥᠷ᠎ᠡ ᠶᠢᠨ ᠰᠤᠶᠤᠭᠠᠯᠠᠬᠤ ᠨᠤᠷᠮ᠎ᠠ᠂ ᠬᠥᠷᠥᠰᠥᠨ ᠤ ᠰᠢᠮ᠎ᠠ᠂ ᠲᠠᠷᠢᠶ᠎ᠠ ᠲᠡᠭᠰᠢᠯᠡᠬᠦ ᠴᠢᠨᠠᠷ ᠴᠢᠨᠰᠠᠭ᠎ᠠ᠂ ᠲᠠᠷᠢᠬᠤ ᠠᠷᠭ᠎ᠠ᠂ ᠲᠠᠷᠢᠬᠤ ᠬᠤᠭᠤᠴᠠᠭ᠎ᠠ᠂ ᠠᠭᠤᠷ ᠠᠮᠢᠰᠬᠤᠯ ᠤᠨ ᠨᠥᠬᠦᠴᠠᠯ ᠵᠡᠷᠭᠡ ᠪᠠᠷ ᠲᠤᠭᠳᠠᠭᠠᠨ᠎ᠠ᠃ ᠲᠤᠬᠢᠷᠠᠮᠵᠢᠳᠠᠢ ᠨᠦᠬᠦᠴᠡᠯ ᠳᠤᠤᠷ᠎ᠠ ᠥᠷ᠎ᠠ ᠶᠢᠨ ᠰᠤᠶᠣᠭᠠᠯᠠᠬᠤ ᠨᠤᠷᠮ᠎ᠠ ᠪᠣᠯᠣᠨ ᠴᠡᠪᠡᠷᠴᠠ ᠶᠢᠨ ᠬᠡᠮᠵᠢᠶ᠎ᠡ ᠨᠢ ᠥᠨᠳᠥᠷ ᠪᠣᠯ ᠲᠠᠷᠢᠬᠤ ᠬᠡᠮᠵᠢᠶ᠎ᠡ ᠪᠠᠨ ᠪᠠᠭᠠᠰᠬᠠᠵᠥ᠂ ᠡᠰᠡᠷᠬᠦ ᠪᠣᠯ ᠢᠯᠡᠬᠦᠥ ᠥᠷ᠎ᠡ ᠬᠡᠷᠡᠭᠯᠡᠵᠥ ᠲᠠᠷᠢᠬᠤ ᠬᠡᠮᠵᠢᠶ᠎ᠡ ᠪᠠᠨ ᠵᠣᠬᠢᠰᠳᠠᠢ ᠨᠡᠮᠡᠭᠳᠡᠭᠦᠯᠥᠨ᠎ᠡ᠃   ᠭᠤᠷᠪᠠ᠂ ᠡᠪᠡᠰᠣ ᠪᠤᠷᠳᠣᠭᠠᠨ ᠤ ᠲᠠᠷᠢᠮᠠᠯ ᠤᠨ ᠬᠠᠮᠢᠶᠠᠷᠤᠯᠳᠠ ᠶᠢᠨ ᠵᠠᠩᠬᠢᠯᠠᠭ᠎ᠠ   ᠬᠠᠪᠤᠷ ᠤᠨ ᠤᠯᠠᠷᠢᠯ ᠳᠤ ᠡᠪᠡᠰᠣ ᠪᠤᠷᠳᠣᠭᠠᠨ ᠤ ᠲᠠᠷᠢᠮᠠᠯ ᠤᠨ ᠬᠠᠮᠢᠶᠠᠷᠤᠯᠳᠠ ᠶᠢᠨ ᠴᠢᠬᠤᠯᠠ ᠴᠠᠭ ᠬᠤᠭᠤᠴᠠᠭᠠᠨ ᠳᠤ᠂ ᠡᠪᠡᠰᠣ ᠪᠤᠷᠳᠣᠭᠠᠨ ᠤ ᠲᠠᠷᠢᠮᠠᠯ ᠤᠨ ᠦᠰᠣᠯᠳᠡ ᠪᠦᠢᠵᠢᠯᠳᠡ ᠶᠢᠨ ᠬᠡᠪ ᠤᠨ ᠪᠠᠶᠢᠬᠤ ᠶᠢ ᠪᠠᠳᠣᠯᠠᠬᠤ ᠳᠤ ᠬᠡᠷᠡᠭᠰᠡᠬᠦ ᠲᠤᠯᠠᠭᠠᠨ᠂ ᠭᠡᠷᠡᠯ᠂ ᠤᠰᠣ᠂ ᠪᠤᠷᠳᠣᠭᠤᠷ᠂ ᠬᠡᠢ ᠠᠭᠠᠷ ᠪᠤᠯ ᠴᠢᠬᠤᠯᠠ ᠨᠦᠬᠦᠴᠡᠯ ᠮᠦᠨ ᠃ ᠡᠯ᠎ᠡ ᠵᠦᠢᠯ ᠤᠨ ᠠᠷᠭ᠎ᠠ ᠪᠠᠷᠢᠯ ᠢ ᠬᠡᠷᠡᠭᠯᠡᠵᠤ᠂ ᠲᠤᠬᠢᠷᠠᠮᠵᠢᠳᠠᠢ ᠲᠤᠯᠠᠭᠠᠨ ᠤ ᠬᠡᠮᠵᠢᠶ᠎ᠡ᠂ ᠭᠡᠷᠡᠯ ᠤᠨ ᠲᠤᠰᠣᠯᠳᠠ᠂ ᠰᠢᠯᠢᠳᠡᠭ ᠰᠠᠶᠢᠨ ᠪᠤᠷᠳᠣᠭᠤᠷ᠂ ᠬᠠᠮᠤᠭ ᠶᠡᠭᠡ ᠬᠡᠮᠵᠢᠶ᠎ᠡ ᠪᠠᠷ ᠦᠰᠣᠯᠳᠡ ᠪᠦᠢᠵᠢᠯᠳᠡ ᠳᠤ ᠱᠠᠭᠠᠷᠳᠠᠬᠤ ᠡᠨᠧᠷᠬᠢ᠂ ᠣᠰᠣ᠂ ᠰᠢᠮ᠎ᠡ ᠲᠡᠵᠢᠭᠡᠯ ᠢ ᠬᠦᠢᠴᠡᠳ ᠪᠠᠳᠣᠯᠠᠨ᠎ᠠ᠃ ᠡᠬᠦᠨ ᠤ ᠬᠠᠮᠳᠣ᠂ ᠦᠰᠣᠯᠳᠡ ᠪᠦᠢᠵᠢᠯᠳᠡ ᠢ ᠲᠦᠷᠭᠡᠳᠭᠡᠨ᠂ ᠡᠪᠡᠰᠣ ᠪᠤᠷᠳᠣᠭᠠᠨ ᠤ ᠤᠨᠠᠯᠳᠠ ᠪᠡ ᠴᠢᠨᠠᠷ ᠴᠢᠨᠰᠠᠭ᠎ᠠ ᠶᠢ ᠪᠠᠳᠣᠯᠠᠬᠤ ᠶᠢᠨ ᠲᠦᠯᠤᠭᠡ᠂ ᠬᠢᠮᠢ ᠶᠢᠨ ᠠᠷᠭ᠎ᠠ ᠪᠠᠷ ᠪᠤᠶᠤ ᠠᠮᠢᠳᠣ ᠪᠤᠳᠠᠰ᠂ ᠹᠢᠽᠢᠺ᠂ ᠠᠮᠢ ᠠᠬᠤᠢ ᠶᠢᠨ ᠠᠷᠭ᠎ᠠ ᠶᠢ ᠤᠶᠠᠯᠳᠣᠭᠤᠯᠤᠨ᠂ ᠬᠠᠪᠤᠷ ᠤᠨ ᠤᠯᠠᠷᠢᠯ ᠤᠨ ᠡᠪᠡᠳᠴᠢᠨ ᠬᠤᠷᠤᠬᠠᠢ ᠶᠢᠨ ᠬᠦᠨᠦᠭᠡᠯ ᠢ ᠰᠡᠷᠭᠡᠶᠢᠯᠡᠬᠦ ᠴᠢᠬᠤᠯᠠᠳᠠᠢ᠃ ᠲᠡᠵᠢᠭᠡᠯ ᠡᠪᠡᠰᠣ ᠪᠤᠷᠳᠣᠭᠠᠨ ᠤ ᠪᠦᠳᠦᠭᠡᠭᠳᠡᠬᠦᠨ ᠤ ᠴᠢᠨᠠᠷ ᠴᠢᠨᠰᠠᠭ᠎ᠠ ᠤᠨ ᠠᠮᠤᠷ ᠲᠦᠪᠰᠢᠨ ᠢ ᠪᠠᠳᠣᠯᠠᠬᠤ ᠶᠢᠨ ᠲᠦᠯᠤᠭᠡ᠂ ᠬᠤᠷᠤᠬᠠᠢ ᠠᠯᠠᠬᠤ ᠪᠠ ᠪᠠᠺᠲᠧᠷᠢ ᠤᠰᠠᠳᠬᠠᠬᠤ ᠳᠤ ᠦᠨᠳᠣᠷ ᠠᠰᠢᠭᠳᠠᠢ᠂ ᠲᠤᠤᠷ᠎ᠠ ᠬᠤᠤᠷ ᠲᠠᠢ ᠲᠠᠷᠢᠶᠠᠯᠠᠩ ᠤᠨ ᠡᠮ ᠢ ᠬᠡᠷᠡᠭᠯᠡᠵᠤ᠂ ᠮᠠᠯ ᠵᠢᠬᠦᠷᠳᠡᠨ ᠤ ᠠᠷᠠᠴᠢᠯᠠᠨ ᠲᠡᠵᠢᠭᠡᠯᠭᠡ ᠤᠨ ᠠᠮᠤᠷ ᠲᠦᠪᠰᠢᠨ᠂ ᠡᠷᠡᠬᠦᠯ ᠮᠡᠨᠳᠣ ᠲᠠᠢ᠂ ᠲᠡᠵᠢᠭᠡᠯ ᠡᠪᠡᠰᠣ ᠪᠤᠷᠳᠤᠭ᠎ᠠ ᠶᠢ ᠬᠠᠩᠭᠠᠨ᠎ᠠ᠃      1᠂ ᠲᠤᠰ ᠵᠢᠯ ᠤᠨ ᠬᠠᠪᠤᠷ ᠲᠠᠷᠢᠬᠤ ᠲᠠᠷᠢᠮᠠᠯ ᠤᠨ ᠬᠠᠮᠢᠶᠠᠷᠤᠯᠳᠠ   ᠰᠢᠯᠢᠳᠡᠭ ᠲᠠᠷᠢᠮᠠᠯ ᠤᠨ ᠦᠷ᠎ᠡ ᠪᠤᠶᠤ ᠰᠤᠷᠲ ᠢ ᠰᠣᠩᠭᠤᠬᠤ᠂ ᠬᠢᠮᠢ ᠤᠨ ᠪᠤᠷᠳᠣᠭᠤᠷ᠂ ᠰᠢᠭᠡᠭ ᠪᠤᠷᠳᠣᠭᠤᠷ᠂ ᠲᠠᠷᠢᠶᠠᠯᠠᠩ ᠤᠨ ᠪᠦᠷᠬᠦᠬᠦᠯ᠂ ᠭᠠᠵᠠᠷ ᠲᠡᠭᠰᠢᠯᠡᠬᠦ᠂ ᠲᠠᠷᠢᠬᠤ ᠵᠡᠷᠭᠡ ᠠᠵᠢᠯ ᠢᠶᠠᠨ ᠰᠠᠶᠢᠳᠣᠷ ᠪᠡᠯᠡᠳᠭᠡᠨ᠎ᠡ᠃ ᠡᠷᠳᠡ ᠲᠠᠷᠢᠬᠤ᠂ ᠡᠷᠳᠡ ᠴᠢᠬᠢᠯᠡᠬᠦ᠂ ᠴᠢᠬᠢᠷᠠᠭ ᠴᠢᠬᠢ ᠭᠠᠷᠭᠠᠬᠤ᠂ ᠰᠢᠨ᠎ᠡ ᠡᠪᠡᠰᠣᠨ ᠤ ᠤᠨᠠᠯᠳᠠ ᠢ ᠨᠡᠮᠡᠭᠳᠡᠬᠦᠯᠬᠦ᠂ ᠮᠠᠯ ᠵᠢᠬᠦᠷᠳᠡᠨ ᠤ ᠲᠡᠵᠢᠭᠡᠯᠭᠡ ᠳᠤ ᠡᠷᠳᠡ ᠬᠡᠷᠡᠭᠯᠡᠬᠦ ᠵᠡᠷᠭᠡ ᠠᠵᠢᠯ ᠢ ᠡᠷᠴᠢᠮ ᠲᠠᠢ ᠬᠢᠨ᠎ᠡ᠃   2᠂ ᠤᠯᠠᠨ ᠨᠠᠰᠣᠳᠣ ᠡᠪᠡᠰᠣ ᠪᠤᠷᠳᠣᠭᠠᠨ ᠲᠠᠷᠢᠮᠠᠯ ᠤᠨ ᠬᠠᠮᠢᠶᠠᠷᠤᠯᠳᠠ   ᠤᠯᠠᠨ ᠨᠠᠰᠣᠳᠣ ᠤᠷᠭᠤᠮᠠᠯ ᠤᠨ ᠬᠠᠪᠤᠷ ᠤᠨ ᠤᠯᠠᠷᠢᠯ ᠶᠢᠨ ᠤᠷᠭᠤᠯᠳᠠ ᠭᠠᠷᠴᠠ ᠨᠢ ᠪᠦᠬᠦ ᠵᠢᠯ ᠤᠨ ᠤᠷᠭᠤᠭᠰᠠᠨ ᠭᠠᠷᠤᠯᠳᠠ ᠶᠢᠨ ᠶᠡᠬᠡᠩᠬᠢ ᠬᠠᠷᠢᠴᠠᠯ ᠡᠵᠢᠯᠡᠳᠡᠭ ᠲᠤᠯᠠ᠂ ᠬᠠᠪᠤᠷ ᠤᠨ ᠤᠯᠠᠷᠢᠯ ᠤᠨ ᠬᠠᠮᠢᠶᠠᠷᠤᠯᠳᠠ ᠬᠠᠮᠤᠭ ᠤᠨ ᠴᠢᠬᠤᠯᠠ ᠴᠠᠭ ᠬᠤᠭᠤᠴᠠᠭ᠎ᠠ ᠶᠤᠮ᠃   ᠬᠠᠪᠤᠷ ᠤᠨ ᠤᠯᠠᠷᠢᠯ ᠳᠤ ᠵᠤᠬᠢᠰᠳᠠᠢ ᠪᠤᠷᠳᠣᠭᠤᠷ ᠤᠷᠤᠭᠤᠯᠬᠤ ᠪᠤᠯ ᠤᠯᠠᠨ ᠨᠠᠰᠣᠳᠣ ᠤᠷᠭᠤᠮᠠᠯ ᠤᠨ ᠪᠦᠬᠦ ᠵᠢᠯ ᠤᠨ ᠦᠨᠳᠣᠷ ᠤᠨᠠᠯᠳᠠ ᠤᠯᠬᠤ ᠶᠢᠨ ᠰᠠᠭᠤᠷᠢ᠂ ᠴᠠᠭ ᠲᠤᠬᠠᠢ ᠶᠢ ᠠᠯᠳᠠᠯ ᠦᠭᠡᠢ ᠤᠰᠣᠯᠠᠬᠤ ᠨᠢ ᠤᠯᠠᠨ ᠨᠠᠰᠣᠳᠣ ᠣᠷᠭᠤᠮᠠᠯ ᠤᠨ ᠤᠷᠭᠤᠯᠳᠠ ᠶᠢ ᠨᠡᠮᠡᠭᠳᠡᠬᠦᠯᠬᠦ ᠪᠠᠳᠣᠯᠠᠭ᠎ᠠ ᠮᠦᠨ᠃ 1 ᠮᠦ ᠭᠠᠵᠠᠷ ᠲᠤ ᠨᠡᠶᠢᠯᠡᠮᠡᠯ ᠪᠤᠷᠳᠣᠭᠤᠷ 15 -25 ᠺᠢᠯᠦᠭᠷᠡᠮ᠂ ᠤᠯᠠᠨ ᠵᠢᠯ ᠬᠡᠷᠡᠭᠯᠡᠵᠤ ᠪᠠᠶᠢᠭ᠎ᠠ ᠤᠯᠠᠨ ᠨᠠᠰᠣᠳᠣ ᠲᠠᠷᠢᠮᠠᠯ ᠤᠨ 1 ᠮᠦ ᠭᠠᠵᠠᠷ ᠲᠤ ᠨᠡᠶᠢᠯᠡᠮᠡᠯ ᠪᠤᠷᠳᠣᠭᠤᠷ 50 ᠺᠢᠯᠦᠭᠷᠡᠮ ᠤᠷᠤᠭᠤᠯᠤᠨ᠎ᠠ᠃ ᠨᠡᠶᠢᠯᠡᠮᠡᠯ ᠪᠤᠷᠳᠣᠭᠤᠷ ᠲᠤ ᠲᠦᠷᠭᠡᠨ ᠠᠰᠢᠭᠯᠠᠮᠵᠢ ᠲᠠᠢ ᠠᠽᠤᠲ ᠤᠨ ᠬᠡᠮᠵᠢᠶ᠎ᠡ ᠦᠨᠳᠣᠷ ᠪᠤᠷᠳᠣᠭᠤᠷ ᠢᠶᠠᠷ ᠭᠤᠤᠯ ᠪᠤᠯᠭᠠᠨ᠂ 3 ᠰᠠᠷ᠎ᠠ ᠶᠢᠨ ᠲᠤᠮᠳᠠᠴᠢ ᠪᠠᠷ ᠤᠷᠤᠭᠤᠯᠤᠨ᠂ 4 ᠰᠠᠷ᠎ᠠ ᠶᠢᠨ ᠲᠤᠮᠳᠠᠴᠢ ᠠᠴᠠ ᠬᠤᠶᠢᠰᠢᠯᠠᠭᠤᠯᠵᠤ ᠪᠤᠯᠬᠤ ᠦᠭᠡᠢ᠃ 
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1