ᠮᠠᠯ ᠵᠢᠭᠦᠷᠳᠡᠨ ᠤ ᠰᠠᠶᠢᠨ ᠡᠮ - ᠭᠠᠭ᠋ᠠᠢ ᠶᠢᠨ ᠰᠦᠰᠤ
ᠨᠡᠶᠢᠲᠡᠯᠡᠭᠰᠡᠨ ᠴᠠᠭ᠄
2017/9/30
      ᠭᠠᠭ᠋ᠠᠢ ᠶᠢᠨ ᠰᠦᠰᠤᠨ ᠳᠤ ᠡᠪᠡᠳᠴᠢᠨ ᠢ ᠵᠠᠰᠠᠬᠤ ᠠᠰᠢᠭᠳᠤ ᠪᠦᠷᠢᠯᠳᠤᠭᠦᠨ ᠠᠭᠤᠯᠵᠤ ᠪᠠᠶᠢᠬᠤ ᠲᠤᠯᠠ ᠪᠠᠭ᠎ᠠ ᠰᠢᠢᠳᠪᠤᠷᠢᠯᠡᠯᠳᠡ ᠬᠢᠪᠡᠯ ᠲᠠᠷᠤᠢ ᠮᠠᠯ ᠵᠢᠭᠦᠷᠳᠡᠨ ᠤ ᠵᠠᠷᠢᠮ ᠭᠡᠮ ᠢ ᠵᠠᠰᠠᠬᠤ ᠤᠨᠴᠠᠭᠠᠢ ᠤᠢᠢᠯᠡᠳᠤᠯ ᠲᠠᠢ ᠪᠤᠯᠵᠤ ᠴᠢᠳᠠᠨ᠎ᠠ᠃      1᠂ ᠭᠠᠭ᠋ᠠᠢ᠂ ᠦᠬᠡᠷ᠂ ᠬᠤᠨᠢ ᠢᠮᠠᠭ᠎ᠠ ᠶᠢᠨ ᠬᠠᠮᠠᠭᠤ ᠶᠢ ᠵᠠᠰᠠᠬᠤ ᠰᠢᠨ᠎ᠡ ᠰᠤᠷᠭᠤᠭ ᠭᠠᠭ᠋ᠠᠢ ᠶᠢᠨ ᠰᠦᠰᠤ ᠶᠢ 2 ᠬᠤᠪᠢ ᠪᠡᠯᠡᠳᠭᠡᠵᠤ᠂ 500 ᠭᠷᠠᠮ ᠰᠢᠨ᠎ᠡ ᠰᠤᠷᠭᠤᠭ ᠲᠤᠭᠤᠷ ᠤᠨ ᠨᠠᠪᠴᠢ ᠶᠢ ᠨᠦᠳᠤᠵᠤ᠂ ᠲᠡᠭᠡᠷ ᠡ ᠨᠢ 250 ᠭᠷᠠᠮ ᠨᠡᠭᠦᠷᠡᠰᠤᠨ ᠲᠤᠰᠤ ᠨᠡᠮᠡᠵᠤ᠂ ᠵᠢᠭᠳᠡ ᠵᠢᠭᠤᠷᠠᠭᠠᠳ᠂ ᠱᠠ ᠪᠦᠰ ᠢᠶᠠᠷ ᠡᠮ ᠤᠨ ᠰᠢᠩᠭᠡᠨ ᠢ ᠰᠢᠪᠬᠠᠨ ᠭᠠᠷᠭᠠᠵᠤ᠂ ᠲᠡᠬᠢᠨ ᠭᠠᠭ᠋ᠠᠢ ᠶᠢᠨ ᠰᠦᠰᠤᠠ ᠰᠢᠩᠭᠡᠨ ᠲᠠᠢ ᠬᠤᠯᠢᠵᠤ ᠨᠡᠷᠪᠡᠭᠳᠡᠭᠰᠡᠨ ᠬᠡᠰᠡᠭ ᠲᠤ ᠡᠳᠤᠷ ᠪᠦᠷᠢ 2~4 ᠤᠳᠠᠭ᠎ᠠ ᠲᠦᠷᠬᠢᠪᠡᠯ᠂ 4~5 ᠤᠳᠠᠭ᠎ᠠ ᠡᠳᠤᠷ ᠪᠤᠯᠪᠠ ᠲᠠᠷᠤᠢ ᠡᠳᠡᠭᠡᠷᠡᠴᠢᠨ᠎ᠡ᠃      2᠂ ᠮᠠᠯ ᠤᠨ ᠲᠦᠷᠪᠡᠨ ᠮᠦᠴᠢ ᠰᠢᠳᠠᠷᠠᠭᠰᠠᠨ ᠢ ᠵᠠᠰᠠᠬᠤ ᠵᠤᠬᠢᠬᠤ ᠭᠡᠮᠵᠢᠶᠡᠠ ᠤ ᠱᠤᠰᠢ ᠶᠢᠨ ᠮᠤᠳᠤᠨ ᠤ ᠬᠠᠯᠢᠰᠤ ᠬᠤᠷᠤᠬᠠᠢ ᠶᠢᠨ ᠬᠤᠤᠷᠰᠤ ᠶᠢᠨ ᠰᠢᠨ᠎ᠡ ᠰᠤᠷᠭᠤᠭ ᠨᠠᠪᠴᠢ ᠶᠢ ᠨᠦᠳᠤᠵᠤ ᠲᠡᠭᠡᠷ᠎ᠡ ᠨᠢ 4 ᠬᠤᠪᠢ ᠭᠠᠭ᠋ᠠᠢ ᠶᠢᠨ ᠰᠦᠰᠤᠨ ᠰᠢᠩᠭᠡᠨ ᠢ ᠨᠡᠮᠡᠵᠤ ᠲᠡᠮᠤᠷ ᠲᠤᠭᠤᠭᠠᠨ ᠳᠤ ᠬᠢᠵᠤ ᠬᠠᠭᠤᠷᠠᠭᠠᠳ ᠨᠡᠷᠪᠡᠳᠡᠭᠰᠠᠠ ᠬᠡᠰᠡᠭ ᠲᠤ ᠲᠦᠷᠬᠢᠬᠦ ᠪᠦᠭᠡᠳ ᠰᠠᠶᠢᠳᠤᠷ ᠪᠤᠭᠤᠨ᠎ᠠ᠂ ᠡᠳᠤᠷ ᠪᠦᠷᠢ 1 ᠤᠳᠠᠭ᠎ᠠ ᠡᠮ ᠢ ᠰᠤᠯᠢᠵᠤ᠂ 4~5 ᠡᠳᠤᠷ ᠪᠤᠯᠪᠠᠯ ᠡᠳᠡᠭᠡᠷᠡᠴᠢᠨ᠎ᠠ᠃      3᠂ ᠮᠡᠭᠡᠵᠢ ᠲᠤᠷᠦ᠋ᠢᠯᠠᠭᠰᠠᠨ ᠤ ᠰᠡᠭᠦᠯᠡᠷ ᠢᠳᠡᠰᠢ ᠢᠳᠡᠬᠦ ᠦᠭᠡᠢ ᠭᠡᠮ ᠢ ᠵᠠᠰᠠᠬᠤ 1 ᠬᠤᠪᠢ ᠭᠠᠭ᠋ᠠᠢ ᠶᠢᠨ ᠰᠦᠰᠤᠨ ᠲᠡᠭᠡᠷ᠎ᠡ 8 0~100 ᠮᠢᠯᠢᠯᠢᠳ᠋ᠷ ᠼᠤᠤ ᠨᠡᠮᠡᠵᠤ ᠪᠤᠴᠠᠯᠠᠭᠠᠳ ᠮᠡᠭᠡᠵᠢ ᠳᠤ ᠡᠳᠤᠷ ᠪᠦᠷᠢ 1 ᠤᠳᠠᠭ᠎ᠠ ᠴᠢᠳᠬᠤᠵᠤ ᠤᠭᠤᠯᠭᠠᠪᠡᠯ᠂ ᠮᠡᠭᠡᠵᠢ ᠶᠢᠨ ᠢᠳᠡᠰᠢᠨ ᠤ ᠲᠤᠷᠠᠰᠢᠯ ᠢ ᠤᠬᠤᠷ ᠬᠤᠭᠤᠴᠠᠭᠠᠨ ᠲᠤᠲᠤᠷ᠎ᠠ ᠲᠡᠭᠡᠭᠰᠢᠯᠡᠭᠦᠯᠵᠤ ᠴᠢᠳᠠᠨ᠎ᠠ᠃     4᠂ ᠭᠠᠭ᠋ᠠᠢ ᠬᠤᠨᠢ ᠢᠮᠠᠭ᠎ᠠ ᠶᠢᠨ ᠰᠢᠩᠭᠡᠭᠡᠯᠳᠡ ᠮᠡᠭᠤᠳᠠᠬᠤ ᠶᠢ ᠵᠠᠰᠠᠬᠤ 1 ᠬᠤᠪᠢ ᠰᠦᠰᠤ᠂ 15 ᠭᠷᠠᠮ ᠰᠠᠷᠢᠮᠰᠠᠭ ᠶᠢ ᠨᠦᠳᠤᠵᠤ ᠲᠡᠭᠡᠷ᠎ᠡ ᠨᠢ ᠪᠤᠷᠴᠠᠭ ᠤᠨ ᠲᠠᠯᠬ᠎ᠠ ᠶᠢ ᠨᠡᠮᠡᠵᠤ ᠵᠢᠭᠳᠡ ᠵᠢᠭᠤᠷᠠᠭᠠᠳ ᠭᠦᠢᠯᠡᠰᠤᠨ ᠴᠦᠮ᠎ᠡ ᠶᠢᠨ ᠬᠢᠷᠢ ᠶᠡᠭᠡ ᠪᠠᠭ᠎ᠠ ᠦᠷᠢᠯ ᠪᠤᠯᠭᠠᠵᠤ ᠮᠡᠭᠡᠵᠢ ᠳᠤ ᠡᠳᠤᠷ ᠪᠦᠷᠢ 2 ᠤᠳᠠᠭ᠎ᠠ ᠦᠭᠴᠤ ᠲᠡᠵᠢᠭᠡᠨ᠂ ᠤᠳᠠᠭ᠎ᠠ ᠪᠦᠷᠢ 1 ᠦᠷᠢᠯ ᠦᠭᠴᠤ᠂ 3 ᠡᠳᠤᠷ ᠢᠶᠠᠷ ᠨᠢᠭᠡ ᠡᠮᠴᠢᠯᠡᠭᠡᠨ ᠤ ᠬᠤᠭᠤᠴᠠᠭ᠎ᠠ ᠪᠤᠯᠭᠠᠨ᠎ᠠ᠃      5᠂ ᠭᠠᠭ᠋ᠠᠢ ᠶᠢᠨ ᠬᠤᠳᠤᠭᠤᠳᠤ ᠭᠡᠳᠡᠰᠤᠨ ᠤ ᠦᠷᠪᠢᠰᠤᠯ ᠢ ᠵᠠᠰᠠᠬᠤ 1 ᠬᠤᠪᠢ ᠰᠢᠨ᠎ᠠ ᠰᠤᠷᠭᠤᠭ ᠭᠠᠭ᠋ᠠᠢ ᠶᠢᠨ ᠰᠦᠰᠤᠨ ᠳᠤ ᠰᠢᠷ᠎ᠠ ᠪᠤᠷᠴᠠᠭ ᠢ ᠲᠦᠭᠦᠷᠡᠲᠡᠯ᠎ᠡ ᠬᠢᠵᠤ ᠬᠠᠳᠠᠭᠠᠭᠠᠳ ᠭᠠᠭ᠋ᠠᠢ ᠪᠦᠷᠢ ᠳᠤ ᠤᠳᠠᠭ᠎ᠠ 20 ~30 ᠭᠷᠠᠮ ᠦᠭᠴᠤ ᠲᠡᠵᠢᠭᠡᠨ᠂ ᠡᠳᠤᠷ ᠪᠦᠷᠢ 2 ᠤᠳᠠᠭ᠎ᠠ ᠲᠡᠵᠢᠭᠡᠵᠤ᠂ 3~4 ᠡᠳᠤᠷ ᠲᠡᠵᠢᠭᠡᠪᠡᠯ ᠲᠠᠷᠤᠢ ᠡᠳᠡᠭᠡᠷᠡᠴᠢᠨ᠎ᠠ᠃       6᠂ ᠭᠠᠭ᠋ᠠᠢ ᠶᠢᠨ ᠠᠭᠤᠰᠬᠢᠨ ᠦᠷᠪᠢᠰᠤᠯ ᠢ ᠵᠠᠰᠠᠬᠤ 1 ᠬᠤᠪᠢ ᠭᠠᠭ᠋ᠠᠢ ᠶᠢᠨ ᠰᠦᠰᠤᠨ ᠲᠤᠲᠤᠷ᠎ᠠ ᠬᠡᠮᠬᠡᠯᠦᠭᠰᠠᠠ ᠪᠠᠶᠢᠪᠠᠩ ᠢ ᠲᠦᠭᠦᠷᠡᠲᠡᠯ᠎ᠡ ᠰᠠᠪᠠᠯᠠᠵᠤ ᠬᠠᠳᠠᠭᠠᠭᠠᠳ ᠲᠠᠯᠠᠭᠳᠤᠵᠤ ᠭᠡᠷᠡᠭᠯᠡᠭᠦ ᠪᠠᠷ ᠪᠡᠯᠡᠳᠭᠡᠨ᠎ᠡ᠃ 50 ᠺᠢᠯᠦᠭᠷᠠᠮ ᠠᠴᠠ ᠲᠡᠭᠡᠭᠰᠢ ᠭᠠᠭ᠋ᠠᠢ ᠳᠤ ᠪᠤᠯ ᠤᠳᠠᠭ᠎ᠠ ᠪᠦᠷᠢ 9~12 ᠭᠷᠠᠮ᠂ 50 ᠺᠢᠯᠦᠭᠷᠠᠮ ᠲᠤᠭᠤᠬᠰᠢ ᠭᠠᠭ᠋ᠠᠢ ᠳᠤ ᠪᠤᠯ ᠤᠳᠠᠭ᠎ᠠ ᠪᠦᠷᠢ 5 ~ 7 ᠭᠷᠠᠮ ᠤᠭᠤᠯᠭᠠᠵᠤ᠂ ᠡᠳᠤᠷ ᠪᠦᠷᠢ 2 ᠤᠳᠠᠭ᠎ᠠ ᠤᠤᠭᠤᠯᠭᠠᠪᠡᠯ᠂ 4 ~ 5 ᠡᠳᠤᠷ ᠪᠤᠯ ᠲᠠᠷᠤᠢ ᠡᠳᠡᠭᠡᠷᠡᠴᠢᠨ᠎ᠡ᠃       7᠂ ᠭᠠᠭ᠋ᠠᠢ ᠶᠢᠨ ᠪᠠᠭᠠᠰᠤ ᠬᠠᠳᠠᠬᠤ ᠶᠢ ᠵᠠᠰᠠᠬᠤ ᠨᠢᠭᠡ ᠬᠤᠪᠢ ᠭᠠᠭ᠋ᠠᠢ ᠶᠢᠨ ᠰᠦᠰᠤᠨ ᠰᠢᠩᠭᠡᠨ᠂ 60 ᠭᠷᠠᠮ ᠪᠠᠯ᠂ 80 ᠮᠢᠯᠢᠯᠢᠳ᠋ᠷ ᠪᠤᠷᠴᠠᠭ ᠤᠨ ᠲᠤᠰᠤ ᠶᠢ ᠰᠠᠶᠢᠳᠤᠷ ᠬᠤᠯᠢᠵᠤ᠂ 2 ᠬᠤᠪᠢᠶᠠᠵᠤ ᠭᠠᠭ᠋ᠠᠢ ᠳᠤ ᠴᠢᠳᠬᠤᠵᠤ ᠤᠤᠭᠤᠯᠭᠠᠨ᠎ᠠ᠃       8᠂ ᠮᠠᠯ ᠵᠢᠭᠦᠷᠳᠡᠨ ᠤ ᠭᠠᠳᠠᠷ ᠰᠢᠷᠬ᠎ᠠ ᠶᠢ ᠵᠠᠰᠠᠬᠤ ᠰᠢᠨ᠎ᠡ ᠰᠤᠷᠭᠤᠭ ᠭᠠᠭ᠋ᠠᠢ ᠶᠢᠨ ᠰᠦᠰᠤ ᠬᠡᠳᠤ ᠶᠢ ᠪᠡᠯᠡᠳᠭᠡᠵᠤ ᠰᠦᠰᠤᠨ ᠰᠢᠩᠭᠡᠨ ᠢ ᠨᠢ ᠠᠪᠴᠤ ᠭᠠᠷᠭᠠᠭᠠᠳ ᠤᠭᠤᠷᠠᠭᠳᠤ ᠮᠤᠳᠤ᠂ ᠮᠢᠷᠬ᠎ᠠ ᠮᠤᠳᠤ᠂ ᠮᠠᠳᠠᠷ ᠤᠨ ᠴᠢᠰᠤ ᠵᠡᠷᠭᠡ ᠲᠠᠢ ᠨᠠᠷᠢᠨ ᠲᠠᠯᠠᠭᠳᠤᠵᠤ ᠨᠠᠶᠢᠷᠠᠭᠤᠯᠤᠭᠠᠳ ᠵᠤᠳᠠᠩ ᠬᠡᠯᠪᠡᠷᠢ ᠲᠠᠢ ᠪᠤᠯᠭᠠᠵᠤ ᠮᠠᠯ ᠤᠨ ᠠᠷᠠᠰᠤᠨ ᠲᠡᠭᠡᠷᠡᠭᠡᠢ ᠬᠡᠮᠨᠡᠭᠰᠡᠨ ᠬᠡᠰᠡᠭ ᠲᠤ ᠲᠦᠷᠬᠢᠨ᠎ᠡ᠃       9᠂ ᠲᠠᠬᠢᠶ᠎ᠠ ᠶᠢᠨ ᠴᠠᠭᠠᠨ ᠴᠢᠴᠠᠭ᠎ᠠ ᠶᠢ ᠵᠠᠰᠠᠬᠤ ᠭᠠᠭ᠋ᠠᠢ ᠶᠢ ᠠᠯᠠᠭᠰᠠᠨ ᠤ ᠰᠡᠭᠦᠯᠡᠷ ᠰᠦᠰᠤ ᠶᠢ ᠨᠢ ᠠᠪᠴᠤ ᠭᠠᠷᠭᠠᠨ᠂ ᠬᠠᠯᠠᠭᠤᠨ ᠲᠡᠭᠡᠷ᠎ᠡ ᠨᠢ ᠲᠤᠲᠤᠷ᠎ᠠ ᠨᠢ ᠰᠢᠷ᠎ᠠ ᠪᠤᠷᠴᠠᠭ ᠢ ᠰᠠᠪᠠᠯᠠᠵᠤ ᠰᠠᠯᠬᠢ ᠨᠡᠪᠳᠡᠷᠡᠭᠰᠡᠨ᠂ ᠰᠡᠷᠢᠭᠦᠨ᠂ ᠬᠠᠭᠤᠷᠠᠢ ᠭᠠᠵᠠᠷ ᠲᠤ ᠡᠯᠭᠦᠵᠤ ᠬᠠᠳᠠᠭᠠᠭᠠᠳ ᠬᠡᠷᠡᠭᠯᠡᠬᠦ ᠪᠠᠷ ᠪᠡᠯᠡᠳᠭᠡᠨ᠎ᠡ᠃ ᠲᠠᠬᠢᠶ᠎ᠠ ᠴᠠᠭᠠᠨ ᠴᠢᠴᠠᠭ᠎ᠠ ᠳᠤ ᠨᠡᠷᠪᠡᠭᠳᠡᠭᠰᠡᠨ ᠦᠶ᠎ᠡ ᠳᠤ ᠰᠦᠰᠤᠨ ᠲᠤᠲᠤᠷ᠎ᠠ ᠠᠴᠠ ᠰᠢᠷ᠎ᠠ ᠪᠤᠷᠴᠠᠭ ᠢ ᠠᠪᠴᠤ ᠭᠠᠷᠭᠠᠵᠤ ᠲᠠᠯᠠᠭᠳᠤᠭᠠᠳ ᠪᠤᠷᠳᠤᠭ᠎ᠠ ᠲᠠᠢ ᠨᠢ ᠬᠤᠯᠢᠵᠤ ᠲᠠᠬᠢᠶ᠎ᠠ ᠳᠤ ᠢᠳᠡᠭᠦᠯᠤᠨ᠎ᠡ᠃ ᠴᠤᠷᠪᠠᠭ᠎ᠠ ᠳᠤ ᠤᠳᠠᠭ᠎ᠠ ᠪᠦᠷᠢ 1 ᠮᠦᠬᠦᠯᠢᠭ ᠢᠳᠡᠭᠦᠯᠵᠤ᠂ ᠲᠤᠮᠳᠠ ᠵᠡᠷᠭᠡ ᠶᠢᠨ ᠴᠤᠷᠪᠠᠭ᠎ᠠ ᠪᠠ ᠪᠦᠳᠤᠭᠦᠨ ᠲᠠᠬᠢᠶ᠎ᠠ ᠳᠤ ᠪᠤᠯ ᠤᠳᠠᠭ᠎ᠠ ᠪᠦᠷᠢ 2 ᠮᠦᠬᠦᠯᠢᠭ ᠢᠳᠡᠭᠦᠯᠵᠤ᠂ ᠡᠳᠤᠷ ᠪᠦᠷᠢ 3 ᠤᠳᠠᠭ᠎ᠠ ᠢᠳᠡᠭᠦᠯᠪᠡᠯ᠂ ᠶᠡᠷᠤ ᠳᠡᠭᠡᠨ 3 ᠡᠳᠤᠷ ᠪᠤᠯᠪᠠᠯ ᠲᠠᠷᠤᠢ ᠡᠳᠡᠭᠡᠷᠡᠴᠢᠨ᠎ᠡ᠃       10᠂ ᠲᠠᠬᠢᠶ᠎ᠠ ᠶᠢᠨ ᠮᠦᠭᠡᠷᠰᠤᠨ ᠬᠤᠭᠤᠯᠠᠢ ᠶᠢᠨ ᠦᠷᠪᠢᠰᠤᠯ ᠢ ᠵᠠᠰᠠᠬᠤ ᠵᠤᠬᠢᠬᠤ ᠬᠡᠮᠵᠢᠶᠡᠨ ᠤ ᠰᠠᠷᠢᠮᠰᠠᠭ ᠢ ᠬᠠᠯᠢᠰᠤᠯᠠᠵᠤ ᠨᠦᠳᠦᠭᠰᠡᠨ ᠤ ᠰᠡᠭᠦᠯᠡᠷ ᠰᠦᠰᠤᠨ ᠲᠤᠲᠤᠷ᠎ᠠ ᠬᠢᠵᠤ ᠲᠡᠪᠳᠤᠭᠡᠨ᠂ 24 ᠴᠠᠭ ᠪᠤᠯᠤᠭᠰᠠᠨ ᠤ ᠰᠡᠭᠦᠯᠡᠷ ᠵᠦᠭᠡᠯᠡᠨ ᠭᠠᠯ ᠲᠡᠭᠡᠷ᠎ᠡ ᠬᠠᠭᠰᠠᠭᠠᠵᠤ ᠬᠠᠳᠠᠭᠠᠭᠠᠳ ᠲᠠᠯᠠᠭᠳᠤᠵᠤ ᠯᠤᠩᠬᠤᠨ ᠳᠤ ᠰᠠᠪᠠᠯᠠᠵᠤ ᠪᠢᠳᠡᠭᠦᠮᠵᠢᠯᠡᠵᠤ ᠬᠡᠷᠡᠭᠯᠡᠬᠦ ᠪᠠᠷ ᠪᠡᠯᠡᠳᠭᠡᠨ᠎ᠡ᠂ ᠲᠠᠬᠢᠶᠠᠨ ᠳᠤ ᠮᠦᠭᠡᠷᠰᠤᠨ ᠬᠤᠭᠤᠯᠠᠢ ᠶᠢᠨ ᠦᠷᠪᠢᠰᠤᠯ ᠡᠭᠦᠰᠦᠭᠰᠡᠨ ᠦᠶ᠎ᠡ ᠳᠤ ᠲᠠᠬᠢᠶ ᠠ ᠪᠦᠷᠢ ᠳᠤ ᠡᠳᠤᠷ ᠲᠤ 1 ᠭᠷᠠᠮ ᠢ 3 ᠬᠤᠪᠢᠶᠠᠵᠤ ᠤᠤᠭᠤᠯᠭᠠᠪᠡᠯ᠂ ᠶᠡᠷᠤ ᠳᠡᠭᠡᠨ 3 ᠡᠳᠤᠷ ᠪᠤᠯᠪᠠᠯ ᠲᠠᠷᠤᠢ ᠡᠳᠡᠭᠡᠷᠡᠴᠢᠨ᠎ᠡ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1