ᠠᠯᠠᠰᠢᠨ ᠦᠭᠡᠷ ᠪᠤᠷᠳᠤᠬᠤ ᠲᠦᠷᠪᠡᠠ ᠠᠷᠭ᠎ᠠ
ᠨᠡᠶᠢᠲᠡᠯᠡᠭᠰᠡᠨ ᠴᠠᠭ᠄
2017/9/30
     ᠨᠢᠭᠡ᠂ ᠰᠢᠯᠢᠳᠡᠭ ᠡᠭᠦᠯᠳᠡᠷ ᠢ ᠰᠤᠩᠭᠤᠬᠤ ᠵᠠᠩᠬᠢᠯᠠᠭ᠎ᠠ ᠤᠳᠤ ᠤᠯᠤᠰ ᠤᠨ ᠲᠤᠳᠤᠭᠠᠳᠤ ᠶᠢᠨ ᠠᠯᠠᠰᠢᠨ ᠦᠭᠡᠷ ᠤᠨ ᠡᠭᠦᠯᠳᠡᠷ ᠲᠤ ᠰᠢᠮᠧᠨ᠋ᠲ᠋ᠠᠷ᠂ ᠴᠠᠷᠤᠯᠧᠰ᠂ ᠯᠢᠮᠦ᠋ᠼᠢᠠ ᠵᠡᠷᠭᠡ ᠰᠠᠶᠢᠵᠢᠷᠠᠭᠤᠯᠤᠬᠰᠠᠠ ᠡᠷᠯᠢᠰᠠ ᠡᠭᠦᠯᠳᠡᠷ ᠪᠠᠶᠢᠳᠠᠭ᠃ ᠰᠠᠶᠢᠵᠢᠷᠠᠭᠤᠯᠤᠬᠰᠠᠠ ᠤ ᠲᠠᠷᠠᠭᠠᠬᠢ ᠬᠤᠶᠠᠳᠤᠭᠠᠷ ᠦᠶ ᠎ᠠ᠂ ᠭᠤᠷᠪᠡᠳᠤᠭᠠᠷ ᠦᠶ ᠎ᠠ ᠶᠢᠨ ᠡᠭᠦᠯᠳᠡᠷ ᠤᠨ ᠠᠯᠠᠰᠢᠨ ᠦᠭᠡᠷ ᠤᠨ ᠵᠤᠬᠢᠴᠠᠬᠤ ᠴᠢᠨᠠᠷ ᠨᠢ ᠴᠢᠩᠭ᠎ᠠ᠂ ᠪᠦᠳᠦᠭᠦᠯᠢᠭ ᠪᠤᠷᠳᠤᠭᠠᠠ ᠳᠤ ᠲᠠᠭᠠᠭᠠᠮᠠᠭᠠᠢ᠂ ᠪᠤᠷᠳᠤᠬᠤ ᠳᠤ ᠠᠮᠠᠷ᠂ ᠭᠦᠡᠳᠤ ᠶᠢᠨ ᠨᠡᠮᠡᠭᠳᠡᠯ ᠲᠦᠷᠭᠡᠠ᠂ ᠠᠯᠠᠰᠢᠠ ᠳᠤ ᠭᠠᠷᠭᠠᠬᠤ ᠨᠤᠷᠮ ᠎ᠠ ᠨᠢ ᠦᠡᠳᠤᠷ ᠵᠡᠷᠭᠡ ᠨᠤᠳᠤᠭ ᠤᠨ ᠡᠷᠯᠢᠰᠠ ᠦᠭᠡᠷ ᠲᠠᠢ ᠠᠳᠠᠯᠢᠳᠬᠠᠵᠤ ᠪᠤᠯᠤᠰᠢ ᠦᠭᠡᠢ ᠲᠠᠪᠠᠭᠤᠯᠢᠭ ᠲᠠᠯ᠎ᠠ ᠲᠠᠢ᠃ ᠡᠶᠢᠮᠤ ᠠᠴᠠ᠂ ᠰᠢᠯᠢᠳᠡᠭ ᠡᠭᠦᠯᠳᠡᠷ ᠢ ᠰᠤᠩᠭᠤᠬᠤ ᠪᠤᠯ ᠵᠠᠩᠬᠢᠯᠠᠭ᠎ᠠ ᠪᠤᠯᠤᠨ᠎ᠠ᠃ ᠲᠠᠷᠠᠭᠠᠯᠠᠪᠠᠯ᠂ ᠠᠯᠠᠰᠢᠨ ᠦᠭᠡᠷ ᠤᠨ ᠭᠦᠡᠳᠤ ᠶᠢᠨ ᠨᠡᠮᠡᠭᠳᠡᠯ ᠤᠨ ᠬᠤᠷᠳᠤᠠ ᠤᠳᠠᠭᠠᠠ ᠨᠢ ᠲᠡᠭᠦᠡ ᠤ ᠨᠠᠰᠤ ᠵᠢᠯ ᠲᠠᠢ ᠰᠢᠭᠤᠳ ᠬᠠᠷᠢᠴᠠᠭ᠎ᠠ ᠲᠠᠢ ᠪᠠᠶᠢᠳᠠᠭ ᠲᠤᠯᠠ 1 — 2 ᠨᠠᠰᠤᠠ ᠤ ᠰᠠᠶᠢᠵᠢᠷᠠᠭᠤᠯᠤᠬᠰᠠᠠ ᠠᠯᠠᠰᠢᠨ ᠦᠭᠡᠷ ᠢ ᠰᠤᠩᠭᠤᠵᠤ ᠬᠠᠰᠢᠶᠠᠯᠠᠠ ᠲᠡᠵᠢᠭᠡᠵᠤ ᠪᠤᠷᠳᠤᠨ᠎ᠠ᠃      ᠬᠤᠶᠠᠷ᠂ ᠡᠪᠤᠯ ᠬᠠᠪᠤᠷ ᠬᠤᠶᠠᠷ ᠤᠯᠡᠷᠢᠯ ᠳᠤ ᠦᠭᠡᠭᠦ ᠨᠦᠭᠦᠪᠦᠷᠢᠯᠡᠭᠦ ᠡᠪᠤᠯ ᠬᠠᠪᠤᠷ ᠬᠤᠶᠠᠷ ᠤᠯᠡᠷᠢᠯ ᠳᠤ ᠡᠳᠤᠷ ᠰᠦᠨᠢ ᠶᠢᠨ ᠲᠤᠯᠠᠭᠠᠠ ᠤ ᠵᠦᠷᠢᠶ ᠎ᠠ ᠶᠡᠭᠡ᠂ ᠲᠤᠯᠠᠭᠠᠠ ᠤ ᠭᠡᠮᠵᠢᠶ ᠎ᠠ 8 ᠭᠷᠠᠳᠦ᠋ᠰ ᠠᠴᠠ ᠲᠤᠤᠷ ᠎ᠠ ᠦᠶᠡᠰ ᠠᠯᠠᠰᠢᠨ ᠦᠭᠡᠷ ᠤᠨ ᠲᠠᠷᠭᠤ ᠠᠪᠤᠯᠳᠠ ᠮᠠᠭᠤ ᠪᠤᠯᠬᠤ ᠲᠤᠯᠠ ᠡᠨᠡ ᠦᠶ ᠎ᠠ ᠳᠤ ᠦᠭᠡᠷ ᠲᠤ ᠦᠭᠡᠭᠦ ︽ᠨᠦᠭᠦᠪᠦᠷᠢᠯᠡᠵᠤ︾᠂ ᠦᠰᠤᠯᠳᠠ ᠳᠤ ᠭᠡᠷᠡᠭᠰᠡᠭᠦ ᠲᠤᠳᠠᠬᠳᠠᠯ ᠢ ᠨᠦᠭᠦᠪᠦᠷᠢᠯᠡᠨ᠎ᠠ᠃ ᠦᠭᠡᠭᠦ ᠪᠤᠯ ᠠᠯᠠᠰᠢᠨ ᠦᠭᠡᠷ ᠤᠨ ᠡᠨᠧᠷᠬᠢ ᠪᠠ ᠪᠡᠶ ᠎ᠠ ᠳᠤ ᠡᠨᠧᠷᠬᠢ ᠬᠠᠳᠠᠭᠠᠯᠠᠬᠤ ᠬᠠᠮᠤᠭ ᠰᠠᠶᠢᠠ ᠭᠡᠯᠪᠡᠷᠢ ᠪᠤᠯᠬᠤ ᠪᠦᠭᠡᠳ ᠲᠤᠰᠤᠠ ᠳᠤ ᠠᠭᠤᠰᠬᠤ ᠸᠢᠲ᠋ᠠᠮᠢᠠ A᠂ D᠂ E ᠵᠢᠴᠢ ᠰᠢᠷ ᠎ᠠ ᠯᠤᠤᠪᠠᠩ ᠤᠨ ᠡᠳ᠋ ᠵᠡᠷᠭᠡ ᠶᠢ ᠲᠦᠷᠭᠡᠠ ᠠᠭᠤᠰᠬᠠᠵᠤ᠂ ᠡᠨᠧᠷᠬᠢ ᠶᠢ ᠬᠠᠮᠤᠭ ᠤᠨ ᠰᠠᠶᠢᠠ ᠢᠯᠭᠠᠷᠠᠭᠤᠯᠬᠤ ᠦᠷ ᠎ᠠ ᠳ᠋ᠦᠩ ᠳᠤ ᠭᠦᠷᠭᠡᠨ᠎ᠠ᠃ ᠡᠶᠢᠮᠤ ᠠᠴᠠ᠂ ᠠᠯᠠᠰᠢᠨ ᠦᠭᠡᠷ ᠤᠨ ᠡᠪᠡᠰᠤ ᠪᠤᠷᠳᠤᠭ᠎ᠠ ᠪᠠ ᠨᠠᠷᠢᠯᠢᠭ ᠪᠤᠷᠳᠤᠭ᠎ᠠ ᠶᠢ ᠭᠦᠢᠴᠠᠳ ᠬᠠᠩᠭᠠᠬᠰᠠᠠ ᠰᠠᠭᠤᠷᠢᠠ ᠲᠠᠭᠡᠷ ᠎ᠠ᠂ ᠲᠠᠬᠢᠠ ᠪᠠᠭ᠎ᠠ ᠭᠡᠮᠵᠢᠶᠠᠠ ᠤ ᠦᠭᠡᠭᠦ ᠨᠡᠮᠡᠷᠢᠯᠡᠨ᠎ᠠ᠂ ᠵᠢᠱᠢᠶᠡᠯᠡᠪᠡᠯ ᠠᠮᠢᠳᠠᠠ ᠤ ᠦᠭᠡᠭᠦ ᠲᠤᠰᠤ᠂ ᠤᠷᠭᠤᠮᠠᠯ ᠤᠨ ᠲᠤᠰᠤ ᠵᠠᠷᠭᠡ ᠡᠯ ᠎ᠠ ᠵᠦᠢᠯ ᠤᠨ ᠲᠤᠰᠤᠠ ᠰᠢᠭᠠᠷᠤ ᠶᠢ ᠨᠡᠮᠡᠵᠤ ᠲᠡᠵᠢᠭᠡᠪᠡᠯ᠂ ᠡᠪᠤᠯ ᠬᠠᠪᠤᠷ ᠬᠤᠶᠠᠷ ᠤᠯᠡᠷᠢᠯ ᠳᠤ ᠠᠯᠠᠰᠢᠨ ᠦᠭᠡᠷ ᠤᠨ ᠲᠠᠷᠭᠤ ᠶᠢᠨ ᠪᠠᠶᠢᠳᠠᠯ ᠨᠡᠩ ᠰᠠᠶᠢᠠ ᠪᠤᠯᠤᠨ᠎ᠠ᠃      ᠭᠤᠷᠪᠠ᠂ ᠲᠠᠪᠤᠰᠤ ᠲᠤᠯᠢᠶᠠᠯᠭᠠᠬᠤ ᠲᠤᠯᠢᠶᠠᠬᠤ ᠲᠠᠪᠤᠰᠤ ᠶᠢ ᠪᠤᠯ ᠦᠭᠡᠷ ᠤᠨ ᠦᠰᠤᠯᠳᠠ ᠪᠤᠶᠢᠵᠢᠯᠳᠠ ᠶᠢᠨ ᠭᠡᠷᠡᠭᠴᠡᠭᠡ ᠶᠢ ᠦᠡᠳᠦᠰᠤᠯᠠᠠ᠂ ᠢᠳᠡᠰᠢᠠ ᠲᠠᠪᠤᠰᠤ ᠪᠠᠷ ᠠᠴᠢᠶᠠᠯᠠᠪᠤᠷᠢ ᠪᠤᠯᠭᠠᠵᠤ᠂ ᠺᠠᠯᠼ᠂ ᠹᠤᠰᠹᠤᠷ᠂ ᠢᠤᠳ᠋᠂ ᠵᠡᠰ᠂ ᠴᠠᠶᠢᠷ᠂ ᠮᠠᠬᠨᠢ᠂ ᠲᠡᠮᠤᠷ ᠵᠡᠷᠭᠡ ᠵᠤᠬᠢᠬᠤ ᠭᠡᠮᠵᠢᠶᠠᠠ ᠤ ᠪᠢᠴᠢᠯ ᠡᠯᠧᠮᠧᠨ᠋ᠲ ᠢ ᠨᠡᠮᠡᠵᠤ᠂ ᠰᠢᠡᠵᠢᠯᠡᠭᠦ ᠤᠬᠠᠭᠠᠡᠴᠢ ᠪᠠᠷ ᠪᠤᠯᠪᠠᠰᠤᠷᠠᠭᠤᠯᠵᠤ ᠬᠢᠭᠰᠡᠠ ᠶᠤᠮ᠃ ᠲᠤᠯᠢᠶᠠᠬᠤ ᠲᠠᠪᠤᠰᠤ ᠶᠢ ᠤᠩᠭᠤᠴᠠᠠ ᠳᠤ ᠬᠢᠵᠤ ᠠᠯᠠᠰᠢᠨ ᠦᠭᠡᠷ ᠲᠤ ᠴᠢᠯᠤᠭᠡᠳᠡᠢ ᠲᠤᠯᠢᠶᠠᠯᠭᠠᠪᠠᠯ᠂ ᠠᠯᠠᠰᠢᠨ ᠦᠭᠡᠷ ᠤᠨ ᠪᠠᠶ ᠎ᠠ ᠶᠢᠨ ᠴᠠᠬᠢᠯᠭᠠᠠ ᠵᠠᠳᠠᠯᠤᠬᠳᠠᠬᠤᠠ ᠤ ᠲᠡᠩᠴᠡᠭᠦᠷᠢ ᠶᠢ ᠭᠦᠴᠤᠠ ᠲᠠᠢ ᠪᠠᠳᠤᠯᠠᠵᠤ᠂ ᠦᠰᠤᠯᠳᠠ ᠶᠢ ᠠᠬᠢᠭᠤᠯᠤᠠ᠂ ᠪᠤᠷᠳᠤᠭᠠᠠ ᠤ ᠬᠤᠪᠢᠷᠠᠭᠠᠯᠳᠠ ᠶᠢ ᠲᠠᠭᠡᠭᠰᠢᠯᠡᠭᠦᠯᠵᠤ᠂ ᠰᠢᠮ᠎ᠠ ᠲᠡᠵᠢᠭᠡᠯ ᠤᠨ ᠲᠤᠳᠠᠬᠳᠠᠯ ᠢ ᠪᠠᠭᠠᠰᠬᠠᠵᠤ᠂ ᠶᠠᠰᠤ ᠵᠦᠭᠡᠯᠡᠷᠡᠭᠦ ᠭᠡᠮ᠂ ᠰᠢᠮ᠎ᠠ ᠲᠡᠵᠢᠭᠡᠯ ᠤᠨ ᠴᠢᠨᠠᠷᠳᠤ ᠴᠢᠰᠤ ᠲᠤᠳᠠᠬᠤ ᠵᠡᠷᠭᠡ ᠭᠡᠮ ᠠᠴᠠ ᠰᠡᠷᠭᠡᠶᠢᠯᠡᠵᠤ ᠴᠢᠳᠡᠨ᠎ᠠ᠃        ᠲᠦᠷᠪᠡ᠂ ᠭᠦᠭᠡ ᠴᠢᠬᠢ ᠪᠠᠷ ᠲᠤᠳᠠᠭᠤ ᠲᠡᠵᠢᠭᠡᠵᠤ ᠭᠡᠳᠡᠰᠤ ᠭᠦᠭᠡᠭᠦ ᠠᠴᠠ ᠰᠡᠷᠭᠡᠶᠢᠯᠡᠭᠦ ᠦᠭᠡᠷ ᠨᠢᠯᠬ᠎ᠠ ᠴᠢᠬᠢ ᠶᠢ ᠭᠡᠳᠤᠷᠡᠳᠡᠯ᠎ᠡ ᠢᠳᠡᠪᠡᠯ ᠭᠡᠳᠡᠰᠤ ᠨᠢ ᠭᠦᠭᠡᠨ᠎ᠠ᠂ ᠲᠠᠷᠤᠢ ᠬᠤᠳᠤᠭᠤᠳᠤᠠ ᠤ ᠬᠤᠷᠴᠠ ᠲᠠᠯᠠᠯᠳᠠ ᠡᠭᠦᠰᠤᠨ᠎ᠠ ᠃ ᠬᠠᠪᠤᠷ ᠭᠦᠭᠡ ᠡᠪᠡᠰᠤ᠂ ᠨᠢᠯᠬ᠎ᠠ ᠴᠢᠬᠢ ᠵᠡᠷᠭᠡ ᠭᠦᠭᠡ ᠡᠪᠡᠰᠤ ᠠᠷᠪᠢᠠ ᠲᠤᠯᠠ ᠦᠭᠡᠷ ᠢ ᠢᠳᠡᠰᠢᠯᠡᠭᠦ ᠲᠤᠷᠠᠳᠡᠢ ᠭᠡᠳ ᠠᠷᠪᠢᠠ ᠦᠭᠴᠤ ᠲᠡᠵᠢᠬᠡᠵᠤ ᠪᠤᠯᠬᠤ ᠦᠭᠡᠢ᠃ ᠭᠡᠷᠪᠡ ᠬᠢᠴᠢᠶᠡᠭᠰᠠᠠ ᠦᠭᠡᠢ ᠪᠠᠷ ᠦᠭᠡᠷ ᠲᠤ ᠠᠷᠪᠢᠠ ᠢᠳᠡᠭᠦᠯᠵᠤ ᠬᠡᠳᠡᠰᠤ ᠨᠢ ᠭᠦᠭᠡᠪᠡᠯ᠂ 250 — 500 ᠭᠷᠠᠮ ᠪᠤᠯᠭᠤᠬᠰᠠᠠ ᠪᠤᠷᠴᠠᠭ ᠤᠨ ᠲᠤᠰᠤ ᠶᠢ ᠰᠢᠭᠤᠳ ᠣᠤᠭᠤᠯᠭᠠᠨ᠎ᠠ᠂ ᠭᠦᠡᠳᠤ ᠦᠶᠡᠰ ᠪᠠᠰᠠ ᠵᠤᠬᠢᠬᠤ ᠭᠡᠮᠵᠢᠶᠠᠠ ᠤ ᠪᠤᠳᠠᠭᠠᠠ ᠼᠤᠤ ᠶᠢ ᠨᠡᠮᠡᠵᠤ ᠣᠤᠭᠤᠯᠭᠠᠪᠠᠯ᠂ ᠭᠦᠭᠡᠵᠤ ᠪᠠᠶᠢᠬᠰᠠᠠ ᠭᠡᠳᠡᠰᠤ ᠨᠢ ᠤᠳᠠᠯ ᠦᠭᠡᠢ ᠰᠠᠭᠤᠬᠤ ᠪᠤᠯᠤᠨ᠎ᠠ᠃ ᠭᠡᠷᠪᠡ ᠭᠦᠭᠡᠭᠰᠠᠠ ᠨᠢ ᠭᠦᠩᠭᠡᠠ ᠪᠠᠶᠢᠪᠠᠯ᠂ ᠦᠮᠡᠭᠡᠢ ᠨᠢᠴᠤᠭᠦᠠ ᠬᠤᠪᠤᠯᠤ ᠶᠢᠨ ᠰᠠᠯᠠᠭ᠎ᠠ ᠶᠢ ᠠᠮᠠᠠ ᠳᠤᠨᠢ ᠠᠯᠪᠠ ᠪᠠᠷ 10 — 20 ᠮᠢᠨᠦ᠋ᠲ ᠲᠠᠯᠪᠢᠪᠠᠯ᠂ ᠭᠦᠭᠡᠭᠰᠠᠠ ᠭᠡᠳᠡᠰᠤ ᠨᠢ ᠤᠳᠠᠯ ᠦᠭᠡᠢ ᠰᠠᠭᠤᠬᠤ ᠪᠤᠯᠤᠨ᠎ᠠ᠃
 
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1