ᠶᠠᠨ ᠤᠯᠤᠰ ᠤᠨ ᠤᠷᠲᠤ ᠴᠠᠭᠠᠨ ᠬᠡᠷᠡᠮ
ᠨᠡᠶᠢᠲᠡᠯᠡᠭᠰᠡᠨ ᠴᠠᠭ᠄
2017/9/22
                     ᠶᠠᠨ ᠤᠯᠤᠰ ᠤᠨ ᠤᠷᠲᠤ ᠴᠠᠭᠠᠨ ᠬᠡᠷᠡᠮ ᠢ ᠪᠠᠶᠢᠯᠳᠤᠭᠠᠨᠲᠤ ᠤᠯᠤᠰ ᠤᠨ ᠦᠶ᠎ᠡ ᠳᠤ᠂ ᠶᠠᠨ ᠤᠯᠤᠰ ᠪᠠᠶᠢᠭᠤᠯᠤᠭᠰᠠᠨ ᠶᠤᠮ᠃ ᠲᠤᠰ ᠬᠡᠷᠡᠮ ᠨᠢ ᠵᠡᠭᠦᠨᠰᠢ ᠪᠠᠷᠠᠭᠤᠨᠰᠢ ᠴᠢᠭᠯᠡᠯ ᠲᠠᠢ᠃ ᠥᠪᠥᠷ ᠮᠣᠩᠭᠤᠯ ᠤᠨ ᠤᠯᠠᠭᠠᠨᠬᠠᠳᠠ ᠬᠤᠲᠠ ᠶᠢᠨ ᠬᠤᠶᠢᠲᠤ ᠬᠡᠰᠡᠭ ᠤᠨ ᠠᠭᠤᠯᠠ ᠨᠢᠷᠤᠭᠤ ᠠᠴᠠ ᠯᠤᠤᠬ᠎ᠠ ᠶᠢᠨ ᠭᠤᠣᠯ ᠢᠶᠠᠷ ᠳᠠᠮᠵᠢᠨ ᠯᠢᠶᠤᠤᠨᠢᠩ ᠮᠤᠵᠢ ᠶᠢᠨ ᠪᠸᠢ ᠫᠢᠩ ᠰᠢᠶᠠᠨ ᠤ ᠬᠢᠯᠢ ᠳᠤ ᠬᠦᠷᠳᠡᠭ᠃ ᠶᠠᠨ ᠤᠯᠤᠰ ᠤᠨ ᠤᠷᠲᠤ ᠴᠠᠭᠠᠨ ᠬᠡᠷᠡᠮ ᠨᠢ ᠷᠠᠰᠢᠶᠠᠨ ᠰᠢᠶᠠᠩ᠂ ᠱᠤᠤ ᠭᠦᠸᠧ ᠶᠢᠩᠽᠢ ᠰᠢᠶᠠᠩ ᠵᠡᠷᠭᠡ ᠰᠢᠶᠠᠩ ᠪᠠᠯᠭᠠᠰᠤ ᠪᠠᠷ ᠳᠠᠮᠵᠢᠨ ᠥᠪᠥᠷ ᠮᠣᠩᠭᠤᠯ ᠤᠨ ᠠᠤᠬᠠᠨ ᠬᠤᠰᠢᠭᠤ ᠠᠴᠠ ᠵᠡᠭᠦᠨ ᠬᠤᠶᠢᠰᠢ ᠦᠷᠭᠦᠯᠵᠢᠯᠡᠵᠡᠢ᠃    ᠶᠠᠨ ᠪᠸᠢ ᠶᠢᠨ ᠳᠣᠲᠣᠷ᠎ᠠ ᠭᠠᠳᠠᠨ᠎ᠠ ᠤᠷᠲᠤ ᠴᠠᠭᠠᠨ ᠬᠡᠷᠡᠮ ᠨᠢ ᠠᠤᠬᠠᠨ ᠬᠤᠰᠢᠭᠤᠨ ᠤ ᠳᠤᠮᠳᠠ ᠬᠡᠰᠡᠭ ᠤᠨ ᠳᠣᠪᠣᠷᠬᠠᠭ ᠭᠠᠵᠠᠷ ᠢ ᠭᠦᠨᠳᠡᠯᠡᠨ ᠢᠶᠠᠷ ᠣᠭᠲᠣᠯᠵᠤ᠂ ᠬᠤᠶᠠᠭᠤᠯᠠ ᠪᠠᠨ ᠪᠠᠷᠤᠭ ᠵᠡᠷᠭᠡᠴᠡᠨ᠂ ᠬᠤᠭᠤᠷᠣᠨᠳᠤ ᠪᠠᠨ10 ᠺᠢᠯᠤᠮᠧᠲᠷ ᠠᠴᠠ30 ᠺᠢᠯᠤᠮᠧᠲᠷ ᠵᠠᠢ ᠲᠠᠢ᠃ ᠶᠠᠨ ᠪᠧᠢ ᠶᠢᠨ ᠭᠠᠳᠠᠨᠠᠬᠢ ᠤᠷᠲᠤ ᠴᠠᠭᠠᠨ ᠬᠡᠷᠡᠮ ᠨᠢ ᠪᠠᠷᠠᠭᠤᠨᠰᠢ ᠤᠯᠠᠭᠠᠨᠬᠠᠳᠠ ᠬᠤᠲᠠ ᠶᠢᠨ ᠰᠦᠩᠱᠠᠨ ᠲᠣᠭᠤᠷᠢᠭ ᠠᠴᠠ ᠯᠣᠤᠬ᠎ᠠ ᠶᠢᠨ ᠭᠤᠣᠯ ᠢ ᠳᠠᠮᠵᠢᠵᠤ ᠠᠤᠬᠠᠨ ᠬᠤᠰᠢᠭᠤᠨ ᠤ ᠰᠧ ᠳ᠋ᠤᠤ ᠸᠠᠨ ᠽᠢ ᠪᠠᠯᠭᠠᠰᠤ  ᠶᠢᠨ ᠪᠠᠶᠠᠰᠬᠤᠯᠠᠩ ᠠᠶᠢᠯ ᠤᠨ ᠲᠦ᠋ ᠴᠧᠩᠼᠢ ᠬᠦᠷᠴᠦ᠂ ᠵᠡᠭᠦᠨᠰᠢ ᠪᠠᠨ ᠰᠠᠯᠪᠤᠷᠢ᠂ ᠰᠢᠨ ᠬᠤᠢ᠂ ᠹᠧᠩ ᠱᠸᠦ᠂ ᠨᠦᠬᠡᠲᠦ᠂ ᠰᠢᠶᠠ ᠸᠠ ᠵᠡᠷᠭᠡ ᠰᠢᠶᠠᠩ ᠪᠠᠯᠭᠠᠰᠤ ᠪᠠᠷ ᠳᠠᠮᠵᠢᠨ᠂ ᠰᠢᠶᠠ ᠸᠠ ᠪᠠᠯᠭᠠᠰᠤ ᠶᠢᠨ ᠡᠾᠧ ᠶᠧ ᠲᠣᠰᠬᠤᠨ ᠤ ᠰᠢᠶᠠ ᠱᠦᠢ ᠴᠢᠤᠸᠠᠨ ᠳᠤᠰᠬᠤᠨ ᠤ ᠠᠷᠤ ᠪᠠᠷ ᠵᠡᠭᠦᠨ ᠡᠮᠦᠨᠡᠰᠢᠯᠡᠵᠦ᠂ ᠨᠠᠢᠮᠠᠨ ᠬᠤᠰᠢᠭᠤᠨ ᠤ ᠬᠢᠯᠢ ᠳᠤ ᠬᠦᠷᠴᠡᠢ᠃ ᠪᠦᠬᠦ ᠤᠷᠲᠤ ᠨᠢ120 ᠺᠢᠯᠤᠮᠧᠲᠷ ᠪᠠᠶᠢᠵᠤ᠂ ᠶᠡᠬᠡᠩᠬᠢ ᠬᠡᠰᠡᠭ ᠢ ᠨᠢ ᠰᠢᠪᠠᠷ ᠰᠢᠷᠣᠢ ᠪᠠᠷ ᠪᠠᠷᠢᠵᠠᠢ᠃    ᠶᠠᠨ ᠪᠸᠢ ᠶᠢᠨ ᠳᠤᠲᠤᠷ᠎ᠠ ᠤᠷᠲᠤ ᠴᠠᠭᠠᠨ ᠬᠡᠷᠡᠮ ᠨᠢ ᠯᠢᠶᠤᠤᠨᠢᠩ ᠮᠤᠵᠢ ᠶᠢᠨ ᠵᠢᠶᠠᠨ ᠫᠢᠩ ᠰᠢᠶᠠᠨ ᠠᠴᠠ ᠠᠤᠬᠠᠨ ᠬᠤᠰᠢᠭᠤᠨ ᠤ ᠰᠢᠨ ᠬᠤᠢ ᠪᠠᠯᠭᠠᠰᠤ ᠶᠢᠨ ᠵᠠᠰᠠᠷᠠᠬᠤ ᠶᠢᠨ ᠠᠶᠢᠯ ᠤᠨ ᠵᠤᠤ ᠭᠤᠸᠠᠨ ᠭᠸᠦ ᠲᠤᠰᠬᠤᠨ ᠤ ᠪᠠᠷᠠᠭᠤᠨ ᠠᠭᠤᠯᠠ ᠨᠢᠷᠤᠭᠤ ᠪᠠᠷ ᠵᠡᠭᠦᠨᠰᠢᠯᠡᠵᠦ᠂ ᠹᠧᠩ ᠱᠸᠦ᠂ ᠪᠠᠶᠢᠰᠠ ᠶᠢᠨ ᠬᠤᠷᠤᠭ᠎ᠠ᠂ ᠪᠣᠭᠤᠲᠤ ᠵᠡᠷᠭᠡ ᠰᠢᠶᠠᠩ ᠪᠠᠯᠭᠠᠰᠤ ᠪᠠᠷ ᠳᠠᠮᠵᠢᠵᠡᠢ᠃ ᠪᠤᠭᠤᠲᠤ ᠰᠢᠶᠠᠩ ᠤᠨ ᠴᠢᠩ ᠱᠠᠨ ᠲᠣᠰᠬᠤᠨ ᠤ ᠳ᠋ᠠ ᠹᠠᠨ ᠵᠠᠩ ᠽᠢ ᠠᠶᠢᠯ ᠢᠶᠠᠷ ᠵᠡᠭᠦᠨ ᠡᠮᠦᠨᠡᠰᠢ ᠦᠷᠭᠦᠯᠵᠢᠯᠡᠵᠦ᠂ ᠯᠢᠶᠤᠤᠨᠢᠩ ᠮᠤᠵᠢ ᠶᠢᠨ ᠪᠸᠢ ᠫᠢᠶᠤᠤ ᠬᠤᠲᠠ ᠶᠢᠨ ᠬᠢᠯᠢ ᠳᠤ ᠬᠦᠷᠴᠡᠢ᠃ ᠪᠦᠬᠦ ᠤᠷᠲᠤ ᠎ ᠨᠢ82 ᠺᠢᠯᠤᠮᠧᠲᠷ ᠪᠠᠶᠢᠳᠠᠭ᠃ ᠲᠤᠰ ᠬᠡᠷᠡᠮ ᠤᠨ ᠵᠠᠷᠢᠮ ᠬᠡᠰᠡᠭ ᠢ ᠴᠢᠯᠠᠭᠤ ᠪᠠᠷ ᠵᠢᠭᠢᠷᠢᠭᠯᠡᠵᠦ᠂ ᠵᠠᠷᠢᠮ ᠬᠡᠰᠡᠭ ᠢ ᠎ ᠨᠢ ᠰᠢᠪᠠᠷ ᠰᠢᠷᠣᠢ ᠪᠠᠷ ᠪᠠᠷᠢᠵᠠᠢ᠃ ᠳᠠᠷᠤᠢ ᠠᠭᠤᠯᠠᠨ ᠭᠠᠵᠠᠷ ᠲᠠᠬᠢ ᠬᠡᠰᠡᠭ ᠢ ᠴᠢᠯᠠᠭᠤ ᠪᠠᠷ ᠵᠢᠭᠢᠷᠢᠭᠯᠡᠵᠦ᠂ ᠠᠭᠤᠯᠠᠨ ᠪᠡᠯ ᠪᠠ ᠲᠡᠭᠰᠢ ᠭᠠᠵᠠᠷ ᠲᠠᠬᠢ ᠬᠡᠰᠡᠭ ᠢ ᠨᠢ ᠰᠢᠪᠠᠷ ᠰᠢᠷᠣᠢ ᠪᠠᠷ ᠪᠠᠷᠢᠵᠠᠢ᠃    
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1