ᠲᠡᠤᠬᠡᠨ ᠬᠤᠪᠢᠷᠠᠯ — — — 2000 ᠣᠨ —2008 ᠣᠨ
ᠨᠡᠶᠢᠲᠡᠯᠡᠭᠰᠡᠨ ᠴᠠᠭ᠄
2017/9/28
        2001 ᠤᠨ ᠤ 8 ᠰᠠᠷ᠎ᠠ ᠳᠤ᠂ ᠰᠢᠶᠠᠩ ᠶᠠᠩ ᠨᠢᠭᠡᠳᠤᠭᠡᠷ᠂ ᠬᠤᠶᠠᠳᠤᠭᠠᠷ ᠰᠠᠭᠤᠭᠠᠯᠢ ᠠᠷᠠᠳ ᠤᠨ ᠵᠦᠪᠯᠡᠯ ᠢ ᠨᠡᠶᠢᠯᠡᠭᠦᠯᠵᠦ ᠰᠢᠶᠠᠩ ᠶᠠᠩ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠪᠤᠯᠭᠠᠪᠠ᠃ ᠴᠢᠶᠠᠨ ᠶᠢᠨ ᠨᠢᠭᠡᠳᠤᠭᠡᠷ ᠰᠠᠭᠤᠭᠠᠯᠢ ᠠᠷᠠᠳ ᠤᠨ ᠵᠦᠪᠯᠡᠯ ᠢ ᠰᠢᠤᠢ ᠿᠢ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠭᠡᠵᠦ ᠦᠭᠡᠷᠡᠴᠢᠯᠡᠨ ᠪᠠᠶᠢᠭᠤᠯᠵᠦ᠂ ᠴᠢᠶᠠᠨ ᠶᠢᠨ ᠭᠤᠷᠪᠠᠳᠤᠭᠠᠷ ᠰᠠᠭᠤᠭᠠᠯᠢ ᠠᠷᠠᠳ ᠤᠨ ᠵᠦᠪᠯᠡᠯ ᠢ ᠶᠢᠩ ᠾᠧ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠭᠡᠵᠦ ᠦᠭᠡᠷᠡᠴᠢᠯᠡᠪᠡ᠃ ᠶᠤᠸᠠᠨ ᠯᠢᠨ ᠰᠠᠭᠤᠭᠠᠯᠢ ᠠᠷᠠᠳ ᠤᠨ ᠵᠦᠪᠯᠡᠯ ᠢ ᠰᠢᠩ ᠬᠠᠢ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠭᠡᠵᠦ ᠦᠭᠡᠷᠡᠴᠢᠯᠡᠨ ᠪᠠᠶᠢᠭᠤᠯᠪᠠ᠃ ᠴᠧᠨ ᠭᠤᠸᠠᠩ ᠰᠠᠭᠤᠭᠠᠯᠢ ᠠᠷᠠᠳ ᠤᠨ ᠵᠦᠪᠯᠡᠯ ᠢ ᠶᠢᠨ ᠾᠧ ᠰᠠᠭᠤᠭᠠᠯᠢ ᠠᠷᠠᠳ ᠤᠨ ᠵᠦᠪᠯᠡᠯ ᠲᠠᠢ ᠨᠡᠶᠢᠯᠡᠭᠦᠯᠪᠡ᠃     2002 ᠤᠨ ᠤ 11 ᠰᠠᠷ᠎ᠠ ᠶᠢᠨ 29᠎ ᠤ ᠡᠳᠤᠷ᠂ ᠫᠢᠩ ᠵᠤᠸᠠᠩ ᠬᠤᠳᠠ ᠲᠤᠭᠤᠷᠢᠭ ᠤᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠪᠠᠶᠢᠭᠤᠯᠤᠭᠳᠠᠵᠦ᠂ ᠫᠢᠩ ᠵᠤᠸᠠᠩ ᠪᠠᠯᠭᠠᠰᠤ ᠶᠢᠨ ᠫᠢᠩ ᠵᠤᠸᠠᠩ ᠲᠤᠰᠬᠤᠨ ᠪᠠ 20 ᠰᠠᠭᠤᠭᠠᠯᠢ ᠠᠷᠠᠳ ᠤᠨ ᠵᠦᠪᠯᠡᠯ ᠢ ᠪᠦᠭᠦᠨ ᠢ ᠫᠢᠩ ᠵᠤᠸᠠᠩ ᠬᠤᠳᠠ ᠲᠤᠭᠤᠷᠢᠭ ᠤᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠵᠠᠭᠢᠷᠤᠨ ᠬᠠᠮᠢᠶᠠᠷᠤᠭᠤᠯᠪᠠ᠃     2003 ᠤᠨ ᠤ 7 ᠰᠠᠷ᠎ᠠ ᠶᠢᠨ 16᠎ ᠤ ᠡᠳᠤᠷ᠂ ᠰᠢ ᠯᠤ᠋ ᠲᠢᠶᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ ᠤᠤᠯ ᠤᠨ 11 ᠰᠠᠭᠤᠭᠠᠯᠢ ᠠᠷᠠᠳ ᠤᠨ ᠵᠦᠪᠯᠡᠯ ᠢ ᠫᠢᠩ  ᠰᠢ ᠨᠡᠶᠢᠭᠡᠮ ᠲᠤᠭᠤᠷᠢᠭ᠂ ᠫᠢᠩ ᠰᠢ ᠡᠮᠦᠨᠡᠳᠤ ᠵᠡᠭᠡᠯᠢ  ᠶᠢᠨ ᠨᠡᠶᠢᠭᠡᠮ  ᠲᠤᠭᠤᠷᠢᠭ᠂ ᠫᠢᠩ ᠰᠢ ᠬᠤᠶᠢᠳᠤ ᠵᠡᠭᠡᠯᠢ ᠶᠢᠨ ᠨᠡᠶᠢᠭᠡᠮ  ᠲᠤᠭᠤᠷᠢᠭ᠂ ᠸᠧ ᠹᠧ ᠽᠢ ᠨᠡᠶᠢᠭᠡᠮ  ᠲᠤᠭᠤᠷᠢᠭ᠂ ᠬᠠᠨ᠎ᠠ ᠠᠭᠤᠯᠠ ᠨᠡᠶᠢᠭᠡᠮ  ᠲᠤᠭᠤᠷᠢᠭ᠂ ᠬᠤᠶᠢᠳᠤ ᠴᠢ ᠵᠢᠶᠠ ᠨᠡᠶᠢᠭᠡᠮ ᠲᠤᠭᠤᠷᠢᠭ ᠵᠡᠷᠭᠡ 6 ᠰᠠᠭᠤᠭᠠᠯᠢ ᠠᠷᠠᠳ ᠤᠨ ᠵᠦᠪᠯᠡᠯ ᠪᠤᠯᠭᠠᠨ ᠦᠭᠡᠷᠡᠴᠢᠯᠡᠪᠡ᠃    2005 ᠤᠨ ᠤ 10 ᠰᠠᠷ᠎ᠠ ᠶᠢᠨ 31᠂ ᠬᠠᠷᠠᠴᠢᠨ ᠬᠤᠰᠢᠭᠤᠨ ᠤ ᠮᠠ ᠲᠢ ᠶᠢᠩᠽᠢ ᠰᠢᠶᠠᠩ ᠢ ᠶᠤᠸᠠᠨ ᠪᠤᠤ ᠱᠠᠨ ᠲᠤᠭᠤᠷᠢᠭ ᠲᠤ ᠬᠤᠪᠢᠶᠠᠷᠢᠯᠠᠨ ᠦᠭᠪᠡ᠃ 11 ᠰᠠᠷ᠎ᠠ ᠶᠢᠨ 12᠎ ᠤ ᠡᠳᠤᠷ᠂ ᠶᠤᠸᠠᠨ ᠪᠤᠤ ᠱᠠᠨ ᠲᠤᠭᠤᠷᠢᠭ ᠰᠢᠶᠠᠩ ᠪᠠᠯᠭᠠᠰᠤ ᠶᠢᠨ ᠪᠠᠶᠢᠭᠤᠯᠤᠮᠵᠢ ᠳᠤ ᠦᠭᠡᠷᠡᠴᠢᠯᠡᠯᠡᠳᠡ ᠭᠢᠵᠦ᠂ ᠮᠤᠬᠤᠷᠭᠤᠤᠯ ᠪᠠᠯᠭᠠᠰᠤ᠂ ᠰᠢᠶᠤᠤ ᠡᠤ ᠵᠢᠶᠠ ᠶᠢᠨ ᠬᠤᠳᠤᠩ ᠦᠨᠳᠤᠰᠤᠳᠡᠨ ᠤ ᠰᠢᠶᠠᠩ ᠪᠠ ᠭᠦ᠋ ᠱᠠᠨ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠽᠢ ᠵᠢᠶᠠ᠂ ᠰᠢ ᠯᠢᠤ ᠵᠢᠶᠠ᠂ ᠭᠦᠩ ᠭᠧ ᠶᠢᠩᠽᠢ ᠲᠤᠰᠬᠤᠨ ᠢ ᠨᠡᠶᠢᠯᠡᠭᠦᠯᠵᠦ ᠮᠸᠢ ᠯᠢ ᠬᠧ ᠪᠠᠯᠭᠠᠰᠤ ᠎ ᠶᠢᠨ ᠠᠷᠠᠳ ᠤᠨ ᠵᠠᠰᠠᠭ ᠤᠨ ᠤᠷᠳᠤᠨ ᠪᠤᠯᠭᠠᠵᠦ᠂ ᠵᠠᠰᠠᠭ ᠤᠨ ᠤᠷᠳᠤᠨ ᠤ ᠰᠠᠭᠤᠭ᠎ᠠ ᠭᠠᠵᠠᠷ ᠢ ᠡᠮᠦᠨ᠎ᠡ ᠮᠤᠬᠤᠷᠭᠤᠤᠯ ᠲᠤᠰᠬᠤᠨ ᠳᠤ ᠪᠠᠶᠢᠭᠤᠯᠪᠠ᠃ ᠵᠢᠶᠠᠨ ᠴᠠᠩ ᠶᠢᠩ ᠪᠠᠯᠭᠠᠰᠤ᠂ ᠮᠠ ᠯᠢᠨ ᠪᠠᠯᠭᠠᠰᠤ᠂ ᠶᠤᠸᠠᠨ ᠪᠤᠤ ᠱᠠᠨ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠢ ᠨᠡᠶᠢᠯᠡᠭᠦᠯᠵᠦ ᠶᠤᠸᠠᠨ ᠪᠤᠤ ᠱᠠᠨ ᠪᠠᠯᠭᠠᠰᠤ ᠶᠢᠨ ᠠᠷᠠᠳ ᠎ ᠤᠨ ᠵᠠᠰᠠᠭ ᠤᠨ ᠤᠷᠳᠤᠨ ᠪᠤᠯᠭᠠᠵᠦ᠂ ᠵᠠᠰᠠᠭ ᠤᠨ ᠤᠷᠳᠤᠨ ᠤ ᠰᠠᠭᠤᠭ᠎ᠠ ᠭᠠᠵᠠᠷ ᠢ ᠵᠢᠶᠠᠨ ᠴᠠᠩ ᠶᠢᠩ ᠲᠤᠰᠬᠤᠨ ᠎ ᠳᠤ ᠪᠠᠶᠢᠭᠤᠯᠪᠠ᠃ ᠫᠢᠩ ᠵᠤᠸᠠᠩ ᠪᠠᠯᠭᠠᠰᠤ᠂ ᠱᠠᠨ ᠴᠢᠶᠠᠨ ᠪᠠᠯᠭᠠᠰᠤ᠂ ᠬᠠᠷᠠᠴᠢᠨ ᠬᠤᠰᠢᠭᠤᠨ ᠤ ᠮᠠ ᠲᠢ ᠶᠢᠩᠽᠢ ᠰᠢᠶᠠᠩ ᠪᠤᠯᠤᠨ ᠭᠦ᠋ ᠱᠠᠨ ᠪᠠᠯᠭᠠᠰᠤ ᠶᠢᠨ ᠯᠢᠩ ᠱᠠᠩ᠂ ᠱᠦᠢ ᠶᠤᠸᠠᠨ ᠲᠤᠰᠬᠤᠨ ᠢ ᠨᠡᠶᠢᠯᠡᠭᠦᠯᠵᠦ ᠫᠢᠩ ᠵᠤᠸᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠪᠤᠯᠭᠠᠵᠦ᠂ ᠵᠠᠰᠠᠭ ᠤᠨ ᠤᠷᠳᠤᠨ ᠤ ᠰᠠᠭᠤᠭ᠎ᠠ ᠭᠠᠵᠠᠷ ᠢ ᠫᠢᠩ ᠵᠤᠸᠠᠩ ᠳᠤ ᠪᠠᠶᠢᠭᠤᠯᠪᠠ᠃ ᠡᠤ ᠵᠢᠶᠠ ᠪᠠᠯᠭᠠᠰᠤ᠂ ᠹᠧᠩ ᠱᠦᠢ ᠭᠸᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠤᠤᠯ ᠤᠨ ᠵᠠᠰᠠᠭ ᠵᠠᠭᠢᠷᠭᠠᠨ ᠤ ᠬᠤᠪᠢᠶᠠᠷᠢ ᠢ ᠬᠤᠪᠢᠷᠠᠭᠤᠯᠤᠭᠰᠠᠨ ᠦᠭᠡᠢ᠃     2008 ᠤᠨ ᠤ ᠡᠴᠤᠰ᠂ ᠶᠤᠸᠠᠨ ᠪᠤᠤ ᠱᠠᠨ ᠲᠤᠭᠤᠷᠢᠭ ᠤᠨ ᠬᠠᠷᠢᠶᠠᠨ ᠳᠠᠬᠢ ᠡᠤ ᠵᠢᠶᠠ᠂ ᠫᠢᠩ ᠵᠤᠸᠠᠩ᠂ ᠮᠤᠬᠤᠷᠭᠤᠤᠯ᠂ ᠶᠤᠸᠠᠨ ᠪᠤᠤ ᠱᠠᠨ᠂ ᠹᠧᠩ ᠱᠦᠢ ᠭᠸᠤ ᠵᠡᠷᠭᠡ 5 ᠪᠠᠯᠭᠠᠰᠤ ᠪᠤᠯᠤᠨ ᠶᠦᠨ ᠱᠠᠨ ᠵᠠᠮ᠂ ᠰᠢ ᠯᠤ᠋ ᠲᠢᠶᠠᠨ᠂ ᠫᠢᠩ ᠵᠤᠸᠠᠩ ᠬᠤᠳᠠ ᠲᠤᠭᠤᠷᠢᠭ ᠵᠡᠷᠭᠡ 3 ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ᠂ 66 ᠲᠤᠰᠬᠤᠨ ᠤ ᠠᠷᠠᠳ ᠤᠨ ᠵᠦᠪᠯᠡᠯ᠂ 233 ᠠᠶᠢᠯ ᠲᠤᠰᠬᠤᠨ᠂ 60 ᠰᠠᠭᠤᠭᠠᠯᠢ ᠠᠷᠠᠳ ᠤᠨ ᠵᠦᠪᠯᠡᠯ ᠲᠠᠢ ᠪᠤᠯᠪᠠ᠃
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1