| | 1911 ᠤᠨ ᠳᠤ᠂ ᠤᠯᠠᠭᠠᠨᠬᠠᠳᠠ ᠬᠤᠳᠠ ᠶᠢᠨ ᠭᠦᠩ ᠵᠢᠶᠠ ᠳ᠋ᠢ ᠰᠢᠶᠠᠩ ᠤᠨ ᠬᠠᠷᠢᠶᠠᠳᠤ 19 ᠲᠤᠰᠬᠤᠨ | ︵ᠵᠠᠰᠠᠭ ᠤᠨ ᠰᠠᠭᠤᠭ᠎ᠠ ᠭᠠᠵᠠᠷ ᠳ᠋ᠠᠢ ᠾᠧ ᠴᠠᠩ᠂ ᠤᠳᠤ ᠤᠩᠨᠢᠭᠤᠳ ᠬᠤᠰᠢᠭᠤᠨ ᠤ ᠵᠢᠶᠧ ᠹᠧᠩ ᠶᠢᠩ ᠽᠢ | ᠰᠢᠶᠠᠩ ᠳᠤ ᠬᠠᠷᠢᠶᠠᠯᠠᠭᠳᠠᠵᠦ ᠪᠤᠢ︶᠂ ᠡᠭᠦᠨ ᠳᠤ ᠵᠢᠶᠠᠨ ᠴᠠᠩ ᠶᠢᠩ᠂ ᠮᠤᠳᠤᠳᠤ ᠭᠤᠤ᠂ ᠨᠠᠢᠮᠠᠨ ᠭᠡᠷ᠂ ᠬᠠᠷ᠎ᠠ | ᠮᠤᠳᠤ ᠲᠤᠰᠬᠤᠨ ᠵᠡᠷᠭᠡ ᠪᠤᠢ︔ ᠰᠠᠨ ᠶᠠᠨ ᠵᠢᠩ ᠰᠢᠶᠠᠩ ︵ᠵᠠᠭᠢᠷᠭ᠎ᠠ ᠰᠠᠨ ᠶᠠᠨ ᠵᠢᠩ︶ ᠤᠨ ᠬᠠᠷᠢᠶᠠᠳᠤ 11 | ᠲᠤᠰᠬᠤᠨ ︵ᠱᠧᠨ ᠳ᠋ᠠ ᠹᠧᠨ᠂ ᠽᠢ ᠳ᠋ᠤᠤ ᠵᠢᠩ ᠽᠢ᠂ ᠰᠢᠨ ᠵᠢᠩ ᠽᠢ᠂ ᠰᠠᠨ ᠳ᠋ᠤᠤ ᠵᠢᠩ ᠽᠢ᠂ ᠡᠯ ᠳ᠋ᠤᠤ ᠵᠢᠩ | ᠽᠢ᠂ ᠲᠸᠤ ᠳ᠋ᠤᠤ ᠵᠢᠩ ᠽᠢ᠂ ᠽᠢ ᠯᠧᠩ ᠽᠢ ᠭᠸᠤ᠂ ᠲᠠᠪᠤᠬᠤᠰᠤ ᠲᠤᠰᠬᠤᠨ ᠪᠠᠭᠳᠠᠨ᠎ᠠ︶᠃ | ᠢᠷᠭᠡᠨ ᠤᠯᠤᠰ ᠤᠨ ᠬᠤᠷᠢᠳᠤᠭᠠᠷ ᠤᠨ ︵1931 ᠤᠨ︶ ᠤ 9 ᠰᠠᠷ᠎ᠠ ᠶᠢᠨ 1 ᠤ ᠡᠳᠤᠷ᠂ ᠤᠯᠠᠭᠠᠨᠬᠠᠳᠠ | ᠰᠢᠶᠠᠨ ᠢ 5 ᠲᠤᠭᠤᠷᠢᠭ 8 ᠪᠠᠯᠭᠠᠰᠤ 124 ᠰᠢᠶᠠᠩ ᠪᠤᠯᠭᠠᠨ ᠬᠤᠪᠢᠶᠠᠷᠢᠯᠠᠪᠠ᠃ ᠰᠠᠨ ᠶᠠᠨ ᠵᠢᠩ᠂ ᠲᠡᠤᠯᠠᠶᠢᠳᠤ | ᠶᠢ ᠨᠢᠭᠡᠳᠤᠭᠡᠷ ᠲᠤᠭᠤᠷᠢᠭ᠂ ᠬᠠᠷᠢᠶᠠᠨ ᠳᠤᠨᠢ 5 ᠪᠠᠯᠭᠠᠰᠤ 23 ᠰᠢᠶᠠᠩ ︵ᠬᠠᠷᠠᠪᠤᠳᠤ᠂ ᠡᠯ ᠳ᠋ᠤᠤ ᠵᠢᠩ ᠽᠢ᠂ | ᠰᠠᠨ ᠳ᠋ᠤᠤ ᠵᠢᠩ ᠽᠢ᠂ ᠱᠧᠨ ᠳ᠋ᠠ ᠹᠧᠨ᠂ ᠰᠢᠨ ᠵᠢᠩ ᠰᠢᠶᠠᠩ ᠪᠠᠭᠳᠠᠨ᠎ᠠ︶︔ ᠵᠢᠶᠠᠩ ᠴᠠᠩ ᠶᠢᠩ᠂ | ᠠᠩᠴᠢᠠᠭᠤᠤ ᠶᠢ ᠬᠤᠶᠠᠳᠤᠭᠠᠷ ᠲᠤᠭᠤᠷᠢᠭ᠂ ᠬᠠᠷᠢᠶᠠᠨ ᠳᠤᠨᠢ 1 ᠪᠠᠯᠭᠠᠰᠤ᠂ 25 ᠰᠢᠶᠠᠩ ︵ᠵᠢᠶᠠᠨ ᠱᠧ ᠶᠢᠩ | ᠪᠠᠯᠭᠠᠰᠤ᠂ ᠢᠤᠢ ᠬᠤᠸᠠᠩ᠂ ᠮᠤᠳᠤᠳᠤ ᠭᠤᠤ᠂ ᠰᠢᠩ ᠯᠦᠩ ᠸᠠ᠂ ᠯᠤᠤ ᠮᠸᠢ ᠶᠤᠤ᠂ ᠡᠤ ᠵᠢᠶᠠ᠂ ᠪᠸᠢ ᠳ᠋ᠠ | ᠮᠢᠶᠤᠤ᠂ ᠰᠢᠩ ᠯᠦᠩ ᠫᠦᠸᠧ᠂ ᠳ᠋ᠠ ᠪᠸᠢ ᠬᠠᠢ ᠰᠢᠶᠠᠩ ᠵᠡᠷᠭᠡ ᠪᠠᠭᠳᠠᠨ᠎ᠠ︶᠃ | ᠢᠷᠭᠡᠨ ᠤᠯᠤᠰ ᠤᠨ ᠬᠤᠷᠢᠨ ᠲᠠᠪᠤᠳᠤᠭᠠᠷ ᠤᠨ ᠤ ︵1936 ᠤᠨ︶ 8 ᠰᠠᠷ᠎ᠠ ᠳᠤ᠂ ᠬᠠᠭᠤᠷᠮᠠᠭ ᠮᠠᠨᠵᠦ | ᠶᠢᠨ ᠿᠧ ᠾᠧ ᠮᠤᠵᠢ ᠶᠢᠨ ᠵᠠᠭᠢᠷᠭ᠎ᠠ ᠶᠢᠨ ︽ᠲᠦᠷ ᠭᠡᠷᠡᠭᠵᠢᠭᠦᠯᠭᠦ ᠵᠡᠭᠡᠯᠢ ᠲᠤᠰᠬᠤᠨ ᠤ ᠲᠦᠷᠢᠮ ᠲᠤᠭᠳᠠᠭᠠᠯ︾ | ᠤᠨ ᠲᠤᠭᠤᠷᠢᠭ ᠰᠢᠶᠠᠩ ︵ᠪᠠᠯᠭᠠᠰᠤ︶ ᠶᠢ ᠦᠭᠡᠶᠢᠰᠭᠡᠵᠦ᠂ ᠵᠡᠭᠡᠯᠢ ᠲᠤᠰᠬᠤᠨ ᠢ ᠪᠠᠶᠢᠭᠤᠯᠬᠤ ᠶᠤᠰᠤᠭᠠᠷ᠂ ᠵᠢᠶᠠᠨ | ᠴᠠᠩ ᠶᠢᠩ ᠢ ᠨᠢᠭᠡᠳᠤᠭᠡᠷ ᠲᠡᠰ ᠤᠨ ᠲᠤᠰᠬᠤᠨ᠂ ᠢᠤᠢ ᠬᠤᠸᠠᠩ᠂ ᠬᠠᠷᠠᠮᠤᠳᠤ ᠶᠢ ᠬᠤᠶᠠᠳᠤᠭᠠᠷ ᠲᠡᠰ ᠤᠨ | ᠲᠤᠰᠬᠤᠨ ᠪᠤᠯᠭᠠᠪᠠ᠃ | ᠢᠷᠭᠡᠨ ᠤᠯᠤᠰ ᠤᠨ ᠬᠤᠷᠢᠨ ᠲᠤᠯᠤᠳᠤᠭᠠᠷ ᠤᠨ ︵1938 ᠤᠨ︶ 10 ᠰᠠᠷ᠎ᠠ ᠶᠢᠨ 1 ᠤ ᠡᠳᠤᠷ᠂ | ᠬᠠᠭᠤᠷᠮᠠᠭ ᠮᠠᠨᠵᠦ ᠶᠢᠨ ᠿᠧ ᠾᠧ ᠮᠤᠵᠢ ᠶᠢᠨ ᠵᠠᠭᠢᠷᠭ᠎ᠠ ᠶᠢᠨ ︽ᠿᠧ ᠾᠧ ᠮᠤᠵᠢ ᠶᠢᠨ ᠵᠡᠭᠡᠯᠢ ᠲᠤᠰᠬᠤᠨ ᠤ | ᠤᠷᠤᠨ ᠪᠠᠶᠢᠴᠠ ᠶᠢᠨ ᠭᠡᠷᠡᠭᠵᠢᠭᠦᠯᠭᠦ ᠭᠡᠪᠴᠢᠶ᠎ᠡ︾ ᠶᠢ ᠦᠨᠳᠤᠰᠤᠯᠡᠵᠦ᠂ ᠬᠠᠭᠤᠷᠮᠠᠭ ᠮᠠᠨᠵᠦ ᠶᠢᠨ ᠤᠩᠨᠢᠭᠤᠳ | ᠪᠠᠷᠠᠭᠤᠨ ᠬᠤᠰᠢᠭᠤᠨ ᠤ 12 ᠲᠤᠰᠬᠤᠨ ᠢ ᠦᠭᠡᠶᠢᠰᠭᠡᠵᠦ᠂ ᠭᠢᠵᠠᠭᠠᠷ ᠳᠠᠬᠢ ᠢᠤᠢ ᠬᠤᠸᠠᠩ ᠲᠤᠰᠬᠤᠨ ᠢ ᠵᠢᠶᠠᠨ | ᠴᠠᠩ ᠶᠢᠩ ᠲᠤᠰᠬᠤᠨ ᠲᠠᠢ ᠨᠡᠶᠢᠯᠡᠭᠦᠯᠵᠦ᠂ 28 ᠵᠡᠭᠡᠯᠢ ᠲᠤᠰᠬᠤᠨ ︵ᠵᠢᠶᠠᠨ ᠴᠠᠩ ᠶᠢᠩ᠂ ᠬᠠᠷᠠᠮᠤᠳᠤ ᠲᠤᠰᠬᠤᠨ | ᠪᠠᠭᠳᠠᠨ᠎ᠠ︶ ᠪᠤᠯᠭᠠᠪᠠ᠃ ᠬᠠᠷᠠᠴᠢᠨ ᠪᠠᠷᠠᠭᠤᠨ ᠬᠤᠰᠢᠭᠤ ᠶᠢ 16 ᠵᠡᠭᠡᠯᠢ ᠲᠤᠰᠬᠤᠨ ︵ᠫᠢᠩ ᠵᠤᠸᠠᠩ ᠲᠤᠰᠬᠤᠨ | ᠪᠠᠭᠳᠠᠨ᠎ᠠ︶ ᠪᠤᠯᠭᠠᠪᠠ᠃ | ᠢᠷᠭᠡᠨ ᠤᠯᠤᠰ ᠤᠨ ᠬᠤᠷᠢ ᠶᠢᠰᠤᠳᠤᠭᠡᠷ ᠤᠨ ︵1940 ᠤᠨ︶ 1 ᠰᠠᠷ᠎ᠠ ᠶᠢᠨ 1 ᠠᠴᠠ ᠢᠷᠭᠡᠨ ᠤᠯᠤᠰ | ᠤᠨ ᠭᠤᠴᠢᠨ ᠲᠦᠷᠪᠡᠳᠦᠭᠡᠷ ᠤᠨ ︵1945 ᠤᠨ︶ 8 ᠰᠠᠷ᠎ᠠ ᠶᠢᠨ 15 ᠤ ᠡᠳᠤᠷ᠂ ᠰᠢᠶᠠᠨ ᠢ ᠬᠤᠰᠢᠭᠤ ᠲᠠᠢ | ᠨᠢᠭᠡᠳᠭᠡᠵᠦ᠂ ᠬᠠᠭᠤᠷᠮᠠᠭ ᠮᠠᠨᠵᠦ ᠶᠢᠨ ᠤᠩᠨᠢᠭᠤᠳ ᠪᠠᠷᠠᠭᠤᠨ ᠬᠤᠰᠢᠭᠤ ᠶᠢ 1 ᠵᠡᠭᠡᠯᠢ 27 ᠲᠤᠰᠬᠤᠨ᠂ | ᠬᠠᠷᠠᠮᠤᠳᠤ ︵ᠰᠠᠭᠤᠭ᠎ᠠ ᠭᠠᠵᠠᠷ ᠬᠠᠷᠠᠮᠤᠳᠤ︶᠂ ᠵᠢᠶᠠᠨ ᠴᠠᠩ ᠶᠢᠩ ᠲᠤᠰᠬᠤᠨ ︵ᠰᠠᠭᠤᠭ᠎ᠠ ᠭᠠᠵᠠᠷ ᠵᠢᠶᠠᠨ ᠴᠠᠩ | ᠶᠢᠩ︶᠃ | ᠢᠷᠭᠡᠨ ᠤᠯᠤᠰ ᠤᠨ ᠭᠤᠴᠢᠨ ᠲᠠᠪᠤᠳᠤᠭᠠᠷ ᠤᠨ ︵1946 ᠤᠨ︶ 9 ᠰᠠᠷ᠎ᠠ ᠳᠤ᠂ ᠫᠢᠩ ᠵᠤᠸᠠᠩ | ᠨᠤᠳᠤᠭ ᠤᠨ ᠬᠠᠷᠢᠶᠠᠨ ᠳᠤ 21 ᠵᠠᠰᠠᠭ ᠵᠠᠭᠢᠷᠭᠠᠨ ᠤ ᠲᠤᠰᠬᠤᠨ ᠲᠠᠢ᠃ | ᠢᠷᠭᠡᠨ ᠤᠯᠤᠰ ᠤᠨ ᠭᠤᠴᠢᠨ ᠵᠢᠷᠭᠤᠳᠤᠭᠠᠷ ᠤᠨ ︵1947 ᠤᠨ︶ 10 ᠰᠠᠷ᠎ᠠ ᠶᠢᠨ 1 ᠤ ᠡᠳᠤᠷ᠂ ᠱᠧᠨ | ᠳ᠋ᠠ ᠹᠧᠨ ᠲᠤᠰᠬᠤᠨ ᠤ ᠵᠠᠰᠠᠭ ᠤᠨ ᠤᠷᠳᠤᠨ ᠪᠠᠶᠢᠭᠤᠯᠤᠭᠳᠠᠵᠦ᠂ ᠵᠢᠶᠠᠨ ᠵᠦᠩ ᠰᠢᠶᠠᠨ ᠤ ᠫᠢᠩ ᠵᠤᠸᠠᠩ | ᠲᠤᠭᠤᠷᠢᠭ ᠲᠤ ᠬᠠᠷᠢᠶᠠᠯᠠᠭᠳᠠᠵᠠᠢ᠃ |