ᠭᠠᠵᠠᠷ ᠤᠷᠤᠨ ᠤ ᠨᠠᠷᠠᠶᠢᠳᠦᠯ ᠤᠨ ᠢᠷᠡᠯᠳᠠ᠄    ᠵᠢᠶᠠᠨ ᠴᠠᠩ ᠢᠩ ᠪᠠᠯᠭᠠᠰᠤ
ᠨᠡᠶᠢᠲᠡᠯᠡᠭᠰᠡᠨ ᠴᠠᠭ᠄
2017/9/20
 ᠵᠢᠶᠠᠨ ᠴᠠᠩ ᠢᠩ ᠪᠠᠯᠭᠠᠰᠤ    ᠴᠢᠩ ᠤᠯᠤᠰ ᠤᠨ ᠲᠡᠭᠷᠢ ᠲᠡᠳᠬᠦᠭᠴᠢ ᠶᠢᠨ ᠦᠶ᠎ᠠ ︵1736—1795 ᠤᠨ︶᠎ ᠳᠤ ᠯᠢᠶᠤᠤᠨᠢᠩ ᠮᠤᠵᠢ ᠶᠢᠨ ᠵᠢᠶᠠᠨ ᠴᠠᠩ ᠤᠨ ᠲᠦᠷᠪᠡᠨ ᠡᠷᠦᠬᠡ ᠠᠳᠠ ᠨᠡᠬᠦᠨ ᠢᠷᠡᠵᠤ ᠰᠠᠭᠤᠷᠢᠰᠢᠨ᠂ ᠠᠶᠠᠨᠳᠠᠭᠠᠨ ᠵᠢᠶᠠᠨ ᠴᠠᠩ ᠢᠩ ᠬᠡᠰᠡᠨ ᠨᠡᠷ᠎ᠠ ᠤᠯᠵᠠᠢ᠃ ᠴᠢᠯᠦᠬᠡᠯᠡᠭᠳᠡᠭᠰᠡᠨ ᠠᠴᠠ ᠬᠤᠶᠢᠨ᠎ᠠ ᠤᠯᠠᠭᠠᠨᠬᠠᠳᠠ ᠰᠢᠶᠠᠨ ᠎ ᠤ ᠬᠤᠶᠠᠳᠤᠭᠠᠷ ᠲᠤᠭᠤᠷᠢᠭ ᠲᠤ ᠬᠠᠷᠢᠶᠠᠯᠠᠭᠳᠠᠵᠤ ᠪᠠᠶᠢᠵᠠᠢ᠃1958 ᠤᠨ ᠳᠤ ᠰᠠᠭᠤᠷᠢᠰᠢᠵᠤ ᠪᠠᠶᠢᠭ᠎ᠠ ᠲᠤᠰᠬᠤᠨ ᠎ ᠤ ᠨᠡᠷ᠎ᠠ ᠪᠠᠷ ᠵᠢᠶᠠᠨ ᠴᠠᠩ ᠢᠩ ᠠᠷᠠᠳ ᠤᠨ ᠨᠢᠬᠡᠳᠦᠯ ᠢ ᠪᠠᠶᠢᠭᠤᠯᠵᠤ᠂1961 ᠤᠨ ᠳᠤ ᠨᠢᠬᠡᠳᠦᠯ ᠨᠢ ᠶᠤᠸᠠᠨ ᠪᠤᠤ ᠱᠠᠨ ᠠᠭᠤᠷᠬᠠᠢ ᠶᠢᠨ ᠠᠵᠢᠯᠳᠠᠨ ᠤ ᠰᠠᠭᠤᠭᠠᠯᠢ ᠲᠤᠭᠤᠷᠢᠭ ︵ᠤᠤᠯ ᠨᠡᠷ᠎ᠠ ᠨᠢ ᠬᠠᠭᠤᠴᠢᠨ ᠠᠵᠢᠯᠳᠠᠨ ᠤᠨ ᠲᠤᠰᠬᠤᠨ︶᠎ ᠲᠤ ᠨᠡᠬᠦᠵᠤ᠂ ᠶᠤᠸᠠᠨ ᠪᠤᠤ ᠱᠠᠨ ᠨᠢᠬᠡᠳᠦᠯ ᠭᠡᠵᠤ ᠨᠡᠷ᠎ᠠ ᠪᠠᠨ ᠬᠠᠯᠠᠵᠠᠢ᠂1964 ᠤᠨ ᠳᠤ ᠬᠡᠰᠡᠭ ᠲᠤᠰᠬᠤᠨ ᠢ ᠬᠤᠪᠢᠶᠠᠨ ᠰᠠᠯᠭᠠᠵᠤ᠂  ᠵᠢᠶᠠᠨ ᠴᠠᠩ ᠢᠩ ᠨᠢᠬᠡᠳᠦᠯ ᠤᠨ ᠬᠠᠭᠤᠴᠢᠨ ᠰᠠᠭᠤᠷᠢᠰᠢᠭ᠎ᠠ ᠭᠠᠵᠠᠷ ᠵᠢᠶᠠᠨ ᠴᠠᠩ ᠢᠩ ᠠᠷᠠᠳ ᠤᠨ ᠨᠢᠬᠡᠳᠦᠯ ᠢ ᠪᠠᠶᠢᠭᠤᠯᠵᠠᠢ᠃1983 ᠤᠨ ᠤ10 ᠰᠠᠷ᠎ᠠ ᠳᠤ ᠵᠤᠤ ᠤᠳᠠ ᠠᠶᠢᠮᠠᠭ ᠤᠨ ᠵᠠᠰᠠᠭ ᠵᠠᠬᠢᠷᠭ᠎ᠠ ᠶᠢᠨ ᠪᠠᠶᠢᠭᠤᠯᠤᠮᠵᠢ ᠶᠢ ᠦᠬᠡᠶᠢᠰᠬᠡᠵᠤ᠂ ᠤᠯᠠᠭᠠᠨᠬᠠᠳᠠ ᠬᠤᠳᠠ ᠶᠢ ᠪᠠᠶᠢᠭᠤᠯᠤᠨ᠂ ᠤᠯᠠᠭᠠᠨᠬᠠᠳᠠ ᠰᠢᠶᠠᠨ ᠢ ᠤᠯᠠᠭᠠᠨᠬᠠᠳᠠ ᠬᠤᠳᠠ ᠲᠤᠭᠤᠷᠢᠭ ᠪᠤᠯᠭᠠᠨ ᠦᠬᠡᠷᠡᠴᠢᠯᠡᠨ ᠪᠠᠶᠢᠭᠤᠯᠵᠠᠢ᠂ ᠲᠤᠰ ᠵᠢᠯ ᠤᠨ ᠡᠴᠦᠰ ᠵᠢᠶᠠᠨ ᠴᠠᠩ ᠢᠩ ᠨᠢᠬᠡᠳᠦᠯ ᠢ ᠶᠤᠸᠠᠨ ᠪᠤᠤ ᠱᠠᠨ ᠲᠤᠭᠤᠷᠢᠭ ᠲᠤ ᠬᠤᠪᠢᠶᠠᠨ ᠤᠷᠤᠭᠤᠯᠵᠤ᠂1984 ᠤᠨ ᠳᠤ ᠵᠢᠶᠠᠨ ᠴᠠᠩ ᠢᠩ ᠰᠢᠶᠠᠩ ᠢ ᠪᠠᠶᠢᠭᠤᠯᠵᠠᠢ᠃1986 ᠤᠨ ᠳᠤ ᠪᠠᠯᠭᠠᠰᠤ ᠪᠤᠯᠭᠠᠨ ᠦᠬᠡᠷᠡᠴᠢᠯᠡᠨ ᠪᠠᠶᠢᠭᠤᠯᠪᠠ᠃2005 ᠤᠨ ᠤ11 ᠰᠠᠷ᠎ᠠ ᠶᠢᠨ12᠎ ᠤ ᠡᠳᠦᠷ ᠶᠤᠸᠠᠨ ᠪᠤᠤ ᠱᠠᠨ ᠲᠤᠭᠤᠷᠢᠭ ᠨᠢ ᠰᠢᠶᠠᠩ ᠪᠠᠯᠭᠠᠰᠤ ᠶᠢᠨ ᠪᠠᠶᠢᠭᠤᠯᠤᠮᠵᠢ ᠎ ᠶᠢᠨ ᠦᠬᠡᠷᠡᠴᠢᠯᠡᠯᠳᠠ ᠶᠠᠪᠤᠭᠤᠯᠤᠨ᠂ ᠵᠢᠶᠠᠨ ᠴᠠᠩ ᠢᠩ ᠪᠠᠯᠭᠠᠰᠤ᠂ ᠶᠤᠸᠠᠨ ᠪᠤᠤ ᠱᠠᠨ ᠪᠠᠯᠭᠠᠰᠤ᠂ ᠮᠠ ᠯᠢᠨ ᠪᠠᠯᠭᠠᠰᠤ ᠶᠢ ᠨᠡᠶᠢᠯᠡᠬᠦᠯᠦᠨ ᠶᠤᠸᠠᠨ ᠪᠤᠤ ᠱᠠᠨ ᠪᠠᠯᠭᠠᠰᠤ ᠶᠢ ᠪᠠᠶᠢᠭᠤᠯᠵᠠᠢ᠃
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1