ᠣᠩᠭᠤᠴᠠᠲᠠᠢ ᠲᠣᠰᠬᠤᠨ ᠤ ᠳᠥᠷᠪᠡᠳᠦᠭᠡᠷ ᠬᠤᠭᠤᠴᠠᠭᠠᠨ ᠤ ᠲᠠᠷᠢᠶᠠᠴᠢᠳ ᠤᠨ ᠰᠣᠶᠣᠯ ᠤᠷᠠᠯᠢᠭ ᠤᠨ ᠨᠠᠶᠢᠷ ᠡᠬᠢᠯᠡᠪᠡ
ᠨᠡᠶᠢᠲᠡᠯᠡᠭᠰᠡᠨ ᠴᠠᠭ᠄
2023/6/7
   
1_副本.jpg
       ᠰᠣᠶᠣᠯ ᠪᠣᠯ ᠬᠥᠳᠡᠭᠡ ᠲᠣᠰᠬᠤᠨ ᠤ ᠬᠥᠭᠵᠢᠨ ᠳᠠᠪᠰᠢᠬᠤ ᠶᠢᠨ ᠵᠢᠭᠦᠷ ᠮᠥᠨ ᠂ ᠰᠣᠶᠣᠯ ᠪᠣᠯ ᠲᠠᠷᠢᠶᠠᠴᠢᠳ ᠤᠨ ᠪᠠᠶᠠᠵᠢᠨ ᠴᠢᠨᠡᠭᠡᠯᠢᠭᠵᠢᠬᠦ ᠶᠢᠨ ᠨᠢᠷᠤᠭᠤ ᠲᠤᠯᠭᠠᠭᠤᠷᠢ ᠮᠥᠨ ᠃ 6 ᠰᠠᠷ᠎ᠠ ᠶᠢᠨ 5᠎ ᠤ ᠡᠳᠦᠷ ᠂ ᠥ᠋ ᠵᠢᠶᠠ ᠪᠠᠯᠭᠠᠰᠤᠨ ᠤ ᠣᠩᠭᠤᠴᠠᠲᠠᠢ ᠲᠣᠰᠬᠤᠨ ᠤ ᠳᠥᠷᠪᠡᠳᠦᠭᠡᠷ ᠬᠤᠭᠤᠴᠠᠭᠠᠨ ᠤ ᠲᠠᠷᠢᠶᠠᠴᠢᠳ ᠤᠨ ᠰᠣᠶᠣᠯ ᠤᠷᠠᠯᠢᠭ ᠤᠨ ᠨᠠᠶᠢᠷ ᠡᠬᠢᠯᠡᠪᠡ ᠃
2_副本.jpg
       ᠨᠢᠭᠡᠨ ᠵᠡᠷᠭᠡ ᠬᠥᠩᠭᠢᠨᠡᠮ᠎ᠡ ᠢᠷᠠᠭᠤ ᠬᠡᠩᠭᠡᠷᠭᠡ ᠶᠢᠨ ᠲᠠᠭᠤᠨ ᠤ ᠳᠤᠮᠳᠠ᠂ ᠲᠣᠰ ᠤᠳᠠᠭᠠᠨ ᠤ ᠰᠣᠶᠣᠯ ᠤᠷᠠᠯᠢᠭ ᠤᠨ ᠨᠠᠶᠢᠷ ᠡᠬᠢᠯᠡᠪᠡ᠃ ᠠᠷᠰᠯᠠᠨ ᠤ ᠪᠥᠵᠢᠭ ᠤᠨ ᠲᠣᠭᠯᠠᠯᠲᠠ ᠨᠢ ᠰᠡᠷᠡᠭᠰᠡᠨ ᠠᠷᠰᠯᠠᠨ ᠤ ᠨᠢᠳᠦ ᠶᠢ ᠭᠡᠷᠡᠯᠲᠦᠭᠦᠯᠦᠨ᠂ ᠠᠤᠭ᠎ᠠ ᠲᠥᠰᠥᠪ ᠢ ᠶᠡᠭᠡ ᠪᠠᠷ ᠳᠡᠯᠭᠡᠨ ᠦᠵᠡᠭᠦᠯᠵᠦ᠂ ᠳᠤᠮᠳᠠᠳᠤ ᠶᠢᠨ ᠴᠤᠭ ᠰᠦᠯᠳᠡ ᠶᠢ ᠪᠦᠷᠢᠨ ᠲᠡᠭᠦᠯᠳᠡᠷ ᠬᠠᠷᠠᠭᠤᠯᠵᠠᠢ᠃ ᠲᠡᠭᠦᠨ ᠤ ᠳᠠᠷᠠᠭ᠎ᠠ ᠳᠠᠭᠤᠤ ᠪᠦᠵᠢᠭ ᠬᠤᠣᠰᠯᠠᠯ ᠪᠥᠵᠢᠭ ︽ᠪᠤᠶᠠᠨ ᠬᠡᠶᠢᠮᠣᠷᠢ ᠎ ᠶᠢᠨ ᠢᠷᠦᠭᠡᠯ︾᠂ ︽ᠥᠩᠭᠡᠲᠦ ᠳ᠋ᠧᠩ ᠰᠣᠯᠤᠩᠭᠠᠷᠠᠭᠰᠠᠨ ᠨᠢ︾᠂ ︽ ᠠᠶᠠᠰᠲᠤ ᠬᠡᠦᠬᠡᠨ︾ ᠵᠡᠷᠭᠡ ᠲᠣᠭᠯᠠᠯᠲᠠ ᠵᠠᠯᠭᠠᠭ᠎ᠠ ᠪᠠᠷ ᠶᠠᠪᠤᠭᠳᠠᠵᠤ᠂ ᠬᠥᠳᠡᠭᠡ ᠲᠣᠰᠬᠤᠨ ᠤ ᠰᠣᠶᠣᠯ ᠤᠨ ᠠᠮᠢᠵᠢᠷᠠᠯ ᠤᠨ ᠬᠦᠴᠦᠨ ᠢ ᠢᠯᠡᠷᠡᠭᠦᠯᠦᠭᠰᠡᠨ ᠪᠠᠶᠢᠨ᠎ᠠ᠃ ᠬᠠᠮᠤᠭ ᠰᠡᠭᠦᠯ ᠳᠤᠨᠢ ᠲᠣᠮᠣ ᠬᠡᠯᠪᠡᠷᠢ ᠶᠢᠨ ᠵᠦᠴᠦᠭᠡ ︽ ᠲᠡᠭᠷᠢ ᠭᠠᠵᠠᠷ ᠤᠨ ᠣᠷᠴᠢᠯ ︾᠎ ᠨᠢ ᠲᠤᠬᠠᠢ ᠎ ᠶᠢᠨ ᠲᠠᠯᠠᠪᠠᠶ ᠶᠢ ᠦᠶ᠎ᠡ ᠦᠶ᠎ᠡ ᠨᠢᠵᠢᠭᠢᠨᠡᠲᠡᠯ᠎ᠡ ᠠᠯᠠᠭ᠎ᠠ ᠲᠠᠰᠢᠭᠤᠯᠵᠤ᠂ ᠪᠥᠬᠦ ᠲᠠᠯᠠᠪᠠᠶ ᠶᠢᠨ ᠠᠭᠤᠷ ᠠᠮᠢᠰᠬᠤᠯ ᠢ ᠣᠷᠭᠢᠯ ᠳᠤᠨᠢ ᠬᠦᠷᠭᠡᠭᠰᠡᠨ ᠪᠠᠶᠢᠨ᠎ᠠ᠃
3_副本.jpg
       ᠣᠶᠢᠯᠠᠭᠠᠭᠰᠠᠨ ᠢᠶᠠᠷ ᠂ ᠲᠤᠰ ᠤᠳᠠᠭᠠᠨ ᠤ ᠲᠠᠷᠢᠶᠠᠴᠢᠳ ᠤᠨ ᠰᠣᠶᠣᠯ ᠤᠷᠠᠯᠢᠭ ᠤᠨ ᠨᠠᠶᠢᠷ ᠎ ᠨᠢ 5 ᠡᠳᠦᠷ ᠶᠠᠪᠤᠭᠳᠠᠵᠤ᠂ ᠤᠩᠭᠤᠴᠠᠲᠠᠢ ᠲᠣᠰᠬᠤᠨ ᠤ ᠣᠯᠠᠨ ᠲᠦᠮᠡᠨ ᠤ ᠨᠠᠮ ᠤᠨ ᠠᠴᠢ ᠶᠢ ᠮᠡᠳᠡᠷᠡᠵᠦ ᠨᠠᠮ ᠤᠨ ᠦᠭᠡ ᠶᠢ ᠰᠣᠨᠣᠰᠴᠤ ᠨᠠᠮ ᠢᠶᠠᠨ ᠳᠠᠭᠠᠬᠤ ᠵᠣᠯ ᠵᠢᠷᠭᠠᠯᠲᠤ ᠠᠮᠢᠳᠤᠷᠠᠯ ᠢ ᠪᠥᠬᠦ ᠲᠠᠯ᠎ᠠ ᠪᠠᠷ ᠳᠡᠯᠭᠡᠨ ᠦᠵᠡᠭᠦᠯᠵᠦ᠂ ᠣᠯᠠᠨ ᠲᠦᠮᠡᠨ ᠤ ᠠᠵᠢᠯ ᠤᠨ ᠴᠢᠯᠦᠭᠡᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠤᠨ᠂ ᠬᠥᠳᠡᠭᠡ ᠲᠣᠰᠬᠤᠨ ᠤ ᠰᠣᠶᠣᠯ ᠤᠨ ᠴᠤᠭ ᠵᠢᠪᠬᠤᠭ᠎ᠠ ᠪᠠ ᠣᠯᠠᠨ ᠲᠦᠮᠡᠨ ᠤ ᠥᠭᠡᠳᠡᠷᠬᠡᠭ ᠢᠳᠡᠪᠬᠢᠲᠠᠢ ᠣᠶᠤᠨ ᠰᠠᠨᠠᠭᠠᠨ ᠤ ᠳᠦᠷᠰᠦ ᠪᠠᠶᠢᠳᠠᠯ ᠢ ᠬᠠᠷᠠᠭᠤᠯᠵᠤ ᠂ ᠰᠠᠶᠢᠨ ᠰᠠᠶᠢᠬᠠᠨ ᠨᠡᠶᠢᠭᠡᠮ ᠤᠨ ᠠᠭᠤᠷ ᠠᠮᠢᠰᠬᠤᠯ ᠪᠠ ᠪᠠᠶᠠᠷ ᠬᠥᠷ ᠲᠠᠢ ᠡᠶ᠎ᠡ ᠨᠠᠶᠢᠷᠠᠮᠳᠠᠭᠤ ᠰᠣᠶᠣᠯ ᠤᠨ ᠠᠭᠤᠷ ᠠᠮᠢᠰᠬᠤᠯ ᠢ ᠪᠣᠶ ᠪᠣᠯᠭᠠᠬᠤ ᠳᠤ ᠴᠢᠬᠤᠯᠠ ᠠᠴᠢ ᠬᠤᠯᠪᠣᠭᠳᠠᠯ ᠎ ᠲᠠᠢ ᠶᠤᠮ᠃ 
 
ᠢᠷᠡᠯᠲᠡ᠄ ᠶᠤᠸᠠᠨ ᠪᠣᠥ ᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1