ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ ᠤᠨ ᠬᠠᠮᠤᠭ ᠤᠨ ᠰᠢᠨ᠎ᠡ ᠮᠡᠳᠡᠭᠡ᠄ | ᠣᠶᠢᠷ᠎ᠠ ᠳᠤ᠂ ᠲᠥᠪ ᠤᠨ ᠡᠳ᠋ ᠤᠨ ᠵᠠᠰᠠᠭ ᠠᠴᠠ 2023 ᠣᠨ ᠤ ᠪᠣᠳᠠᠲᠠᠢ ᠠᠮᠤ ᠪᠤᠳᠠᠭ᠎ᠠ ᠳᠠᠷᠢᠵᠤ ᠪᠠᠶᠢᠭ᠎ᠠ | ᠲᠠᠷᠢᠶᠠᠴᠢᠳ ᠲᠤ ᠨᠢᠭᠡ ᠯᠡ ᠤᠳᠠᠭ᠎ᠠ ᠶᠢᠨ ᠴᠢᠨᠠᠷᠲᠠᠢ ᠠᠮᠤ ᠪᠤᠳᠠᠭ᠎ᠠ ᠳᠠᠷᠢᠬᠤ ᠨᠥᠬᠦᠪᠦᠷᠢ ᠶᠢᠨ ᠪᠡᠯᠡ ᠮᠥᠩᠭᠦ ᠶᠢ | 100 ᠳ᠋ᠦᠩᠰᠢᠭᠤᠷ ᠲᠥᠭᠦᠷᠢᠭ ᠪᠠᠭᠤᠯᠭᠠᠪᠠ᠃ ᠡᠭᠦᠨ ᠳᠤ᠂ ᠮᠠᠨ ᠤ ᠣᠷᠣᠨ ᠳᠤ 5.7 ᠳ᠋ᠦᠩᠰᠢᠭᠤᠷ | ᠲᠥᠭᠦᠷᠢᠭ ᠤᠨ ᠨᠥᠬᠦᠪᠦᠷᠢ ᠶᠢᠨ ᠪᠡᠯᠡ ᠮᠥᠩᠭᠦ ᠬᠤᠪᠢᠶᠠᠷᠢᠯᠠᠵᠤ᠂ ᠥᠪᠡᠷᠲᠡᠭᠡᠨ ᠵᠠᠰᠠᠬᠤ ᠣᠷᠣᠨ ᠤ ᠡᠳ᠋ ᠤᠨ | ᠵᠠᠰᠠᠭ ᠠᠴᠠ ᠨᠢᠭᠡᠨᠲᠡ ᠡᠨᠡ ᠬᠦ ᠨᠥᠬᠦᠪᠦᠷᠢ ᠶᠢᠨ ᠪᠡᠯᠡ ᠮᠥᠩᠭᠦ ᠶᠢ ᠡᠯ᠎ᠡ ᠠᠶᠢᠮᠠᠭ ᠬᠤᠳᠠ ᠳᠤ ᠪᠠᠭᠤᠯᠭᠠᠵᠤ᠂ ᠪᠦᠬᠦ | ᠣᠷᠣᠨ ᠤ ᠠᠮᠤ ᠪᠤᠳᠠᠭ᠎ᠠ ᠲᠠᠷᠢᠬᠤ ᠲᠠᠷᠢᠶᠠᠴᠢᠳ ᠤᠨ ᠢᠳᠡᠪᠬᠢᠵᠢᠯ ᠢ ᠤᠯᠠᠮ ᠨᠢᠭᠡ ᠠᠯᠬᠤᠮ ᠳᠠᠶᠢᠴᠢᠯᠠᠨ᠂ | ᠬᠠᠪᠤᠷ ᠤᠨ ᠲᠠᠷᠢᠶᠠᠯᠠᠭ᠎ᠠ ᠶᠢᠨ ᠦᠢᠯᠡᠳᠪᠦᠷᠢᠯᠡᠯ ᠢ ᠨᠢᠭᠡᠳᠦᠯᠲᠡᠢ ᠲᠥᠯᠥᠪᠯᠡᠨ ᠳᠡᠮᠵᠢᠬᠦ ᠪᠠᠷ ᠪᠤᠢ᠃ | ᠲᠤᠰ ᠤᠳᠠᠭᠠᠨ ᠤ ᠨᠥᠬᠦᠪᠦᠷᠢ ᠶᠢᠨ ᠪᠡᠯᠡ ᠮᠥᠩᠭᠦ ᠶᠢ ᠲᠠᠷᠬᠠᠭᠠᠬᠤ ᠡᠲᠡᠭᠡᠳ ᠪᠣᠯ ᠲᠠᠷᠢᠶᠠᠯᠠᠩ ᠤᠨ | ᠦᠢᠯᠡᠳᠪᠦᠷᠢᠯᠡᠯ ᠤᠨ ᠬᠡᠷᠡᠭᠰᠡᠯ ᠤᠨ ᠦᠨ᠎ᠡ ᠬᠠᠩᠰᠢ ᠥᠰᠥᠭᠰᠡᠨ ᠥᠪᠡᠷ ᠤᠨ ᠥᠷᠲᠡᠭ ᠢ ᠪᠣᠳᠠᠲᠠᠢ ᠡᠭᠦᠷᠭᠡᠯᠡᠬᠦ ᠠᠮᠤ | ᠪᠤᠳᠠᠭ᠎ᠠ ᠲᠠᠷᠢᠭᠰᠠᠳ ᠪᠣᠯᠣᠨ᠎ᠠ᠃ ᠡᠭᠦᠨ ᠳᠤ ᠥᠪᠡᠷ ᠤᠨ ᠳᠠᠭᠠᠭᠠᠴᠢᠯᠠᠭᠰᠠᠨ ᠭᠠᠵᠠᠷ ᠢᠶᠠᠨ ᠠᠰᠢᠭᠯᠠᠨ ᠠᠮᠤ | ᠪᠤᠳᠠᠭ᠎ᠠ ᠲᠠᠷᠢᠬᠤ ᠲᠠᠷᠢᠶᠠᠴᠢᠳ ᠢ ᠪᠠᠭᠲᠠᠭᠠᠬᠤ ᠮᠥᠷᠲᠡᠭᠡᠨ ᠡᠷᠭᠢᠯᠲᠡ ᠳᠤ ᠣᠷᠣᠭᠤᠯᠤᠭᠰᠠᠨ ᠭᠠᠵᠠᠷ ᠰᠢᠷᠣᠢ ᠶᠢ | ᠳᠠᠭᠠᠭᠠᠨ ᠠᠪᠤᠭᠰᠠᠨ ᠠᠮᠤ ᠪᠤᠳᠠᠭ᠎ᠠ ᠲᠠᠷᠢᠬᠤ ᠲᠣᠮᠣ ᠡᠷᠦᠭᠡ᠂ ᠭᠡᠷ ᠪᠦᠯᠢ ᠶᠢᠨ ᠲᠠᠷᠢᠶᠠᠯᠠᠩ ᠤᠨ ᠲᠠᠯᠠᠪᠠᠢ᠂ | ᠲᠠᠷᠢᠶᠠᠴᠢᠳ ᠤᠨ ᠬᠤᠷᠰᠢᠶ᠎ᠠ᠂ ᠲᠠᠷᠢᠶᠠᠯᠠᠩ ᠤᠨ ᠠᠵᠤ ᠠᠬᠤᠶᠢᠯᠠᠯ ᠵᠡᠷᠭᠡ ᠰᠢᠨ᠎ᠡ ᠮᠠᠶ᠋ᠢᠭ ᠤᠨ ᠲᠠᠷᠢᠶᠠᠯᠠᠩ ᠤᠨ | ᠡᠵᠡᠩᠨᠡᠯᠲᠡ ᠶᠢᠨ ᠭᠤᠣᠯ ᠴᠣᠭᠴᠠ ᠵᠢᠴᠢ ᠭᠠᠵᠠᠷ ᠲᠠᠷᠢᠶ᠎ᠠ ᠬᠠᠭᠠᠯᠪᠤᠷᠢᠯᠠᠬᠤ᠂ ᠠᠮᠤ ᠪᠤᠳᠠᠭ᠎ᠠ ᠲᠠᠷᠢᠬᠤ᠂ ᠬᠤᠷᠢᠶᠠᠬᠤ | ᠪᠦᠬᠦ ᠶᠠᠪᠤᠴᠠ ᠶᠢᠨ ᠨᠡᠶᠢᠭᠡᠮᠴᠢᠯᠡᠭᠰᠡᠨ ᠦᠢᠯᠡᠴᠢᠯᠡᠭᠡ ᠶᠢ ᠥᠷᠨᠢᠭᠦᠯᠵᠦ ᠪᠠᠶᠢᠭ᠎ᠠ ᠬᠤᠪᠢ ᠬᠥᠮᠥᠨ ᠪᠠ ᠵᠣᠬᠢᠶᠠᠨ | ᠪᠠᠶᠢᠭᠤᠯᠤᠯᠲᠠ ᠶᠢ ᠪᠠᠭᠲᠠᠭᠠᠨ᠎ᠠ᠃ ᠥᠪᠡᠷᠲᠡᠭᠡᠨ ᠵᠠᠰᠠᠬᠤ ᠣᠷᠣᠨ ᠠᠴᠠ ᠱᠠᠭᠠᠷᠳᠠᠭᠰᠠᠨ ᠨᠢ᠂ ᠡᠯ᠎ᠡ ᠠᠶᠢᠮᠠᠭ | ᠬᠤᠲᠠ ᠶᠢᠨ ᠬᠢᠨ ᠪᠡᠯᠡ ᠮᠥᠩᠭᠦ ᠶᠢᠨ ᠲᠤᠭ᠎ᠠ ᠬᠡᠮᠵᠢᠶ᠎ᠡ᠂ ᠠᠮᠤ ᠪᠤᠳᠠᠭ᠎ᠠ ᠳᠠᠷᠢᠬᠤ ᠲᠠᠯᠠᠪᠠᠶ ᠵᠡᠷᠭᠡ ᠪᠠᠶᠢᠳᠠᠯ ᠲᠠᠢ ᠪᠠᠨ | ᠤᠶᠠᠯᠳᠤᠭᠤᠯᠤᠨ ᠲᠣᠰ ᠣᠷᠣᠨ ᠪᠦᠰᠡ ᠶᠢᠨ ᠳᠣᠲᠣᠷᠠᠬᠢ ᠬᠤᠰᠢᠭᠤ ᠰᠢᠶᠠᠨ ᠤ ᠨᠥᠬᠦᠪᠦᠷᠢ ᠶᠢᠨ ᠵᠣᠭᠤᠰ ᠤᠨ | ᠲᠤᠭ᠎ᠠ ᠶᠢ ᠶᠡᠷᠦᠩᠬᠡᠶᠢᠯᠡᠨ ᠲᠣᠭᠲᠠᠭᠠᠵᠤ᠂ ᠵᠠᠷᠴᠢᠮ ᠳᠡᠭᠡᠷ᠎ᠡ ᠪᠠᠨ ᠰᠢᠶᠠᠨ ᠤ ᠬᠡᠪᠴᠢᠶᠡᠨ ᠳᠣᠲᠣᠷᠠᠬᠢ | ᠨᠥᠬᠦᠪᠦᠷᠢ ᠶᠢᠨ ᠪᠠᠷᠢᠮᠵᠢᠶ᠎ᠠ ᠶᠢ ᠨᠢᠭᠡᠳᠦᠯᠲᠡᠢ ᠪᠠᠶᠢᠯᠭᠠᠬᠤ ᠬᠡᠷᠡᠭᠲᠡᠢ᠃ ᠡᠭᠦᠨ ᠤ ᠬᠠᠮᠲᠤ᠂ ᠨᠥᠬᠦᠪᠦᠷᠢ ᠶᠢ ᠢᠯᠡ ᠪᠠᠷ | ᠵᠠᠷᠯᠠᠨ ᠨᠡᠶᠢᠲᠡᠯᠡᠬᠦ ᠳᠦᠷᠢᠮ ᠢ ᠬᠡᠷᠡᠭᠵᠢᠭᠦᠯᠵᠦ᠂ ︽ᠨᠢᠭᠡ ᠺᠠᠷᠲ ︵ᠬᠠᠳᠠᠭᠠᠯᠠᠮᠵᠢ ᠶᠢᠨ ᠳᠡᠪᠲᠡᠷ︶ ᠢᠶᠠᠷ ᠨᠡᠶᠢᠳᠡᠮ | ᠭᠦᠢᠴᠡᠳᠬᠡᠬᠦ︾ ᠪᠠᠷ ᠳᠠᠮᠵᠢᠭᠤᠯᠤᠨ ᠨᠥᠬᠦᠪᠦᠷᠢ ᠶᠢ ᠰᠢᠭᠤᠳ ᠲᠠᠷᠬᠠᠭᠠᠵᠤ᠂ ᠨᠥᠬᠦᠪᠦᠷᠢ ᠶᠢ ᠴᠠᠭ ᠲᠤᠬᠠᠢ ᠳᠤ ᠨᠢ | ᠪᠠᠭᠤᠯᠭᠠᠨ ᠪᠤᠲᠠᠲᠠᠶᠢᠵᠢᠭᠤᠯᠵᠤ᠂ ᠨᠥᠬᠦᠪᠦᠷᠢ ᠶᠢᠨ ᠪᠠᠶᠢᠪᠠᠰᠤ ᠵᠣᠬᠢᠬᠤ ᠦᠢᠯᠡᠳᠦᠯ ᠢ ᠦᠨᠡᠨ ᠬᠦ ᠪᠠᠳᠠᠷᠠᠭᠤᠯᠬᠤ ᠶᠢ | ᠪᠠᠲᠤᠯᠠᠨ᠂ ᠠᠮᠤ ᠪᠤᠳᠠᠭᠠᠨ ᠤ ᠦᠢᠯᠡᠳᠪᠦᠷᠢᠯᠡᠯ ᠢ ᠳᠡᠮᠵᠢᠬᠦ ᠢᠳᠡᠪᠬᠢᠲᠡᠢ ᠳᠣᠬᠢᠶ᠎ᠠ ᠶᠢ ᠭᠠᠷᠭᠠᠵᠤ᠂ ᠲᠠᠷᠢᠶᠠᠯᠠᠩ ᠤᠨ | ᠦᠢᠯᠡᠳᠪᠦᠷᠢᠯᠡᠯ ᠤᠨ ᠬᠡᠷᠡᠭᠰᠡᠯ ᠤᠨ ᠦᠨ᠎ᠡ ᠥᠰᠦᠭᠰᠡᠨ ᠠᠴᠠ ᠪᠣᠯᠤᠭᠰᠠᠨ ᠵᠠᠷᠤᠯᠭ᠎ᠠ ᠨᠡᠮᠡᠭᠳᠡᠬᠦ ᠳᠠᠷᠤᠯᠲᠠ ᠶᠢ | ᠬᠥᠩᠭᠡᠷᠡᠭᠦᠯᠵᠦ᠂ ᠠᠮᠤ ᠪᠤᠳᠠᠭ᠎ᠠ ᠳᠠᠷᠢᠭᠰᠠᠨ ᠠᠰᠢᠭ ᠣᠷᠣᠯᠭ᠎ᠠ ᠶᠢ ᠪᠠᠲᠤᠯᠠᠵᠤ᠂ ᠠᠮᠤ ᠪᠤᠳᠠᠭ᠎ᠠ ᠳᠠᠷᠢᠭᠰᠠᠨ | ᠣᠷᠣᠯᠭ᠎ᠠ ᠶᠢ ᠲᠣᠭᠲᠠᠪᠤᠷᠢᠵᠢᠭᠤᠯᠬᠤ ᠬᠡᠷᠡᠭᠲᠡᠢ ᠭᠡᠵᠡᠢ᠃ | |