ᠶᠤᠸᠠᠨ ᠪᠦᠦ ᠱᠠᠨ ᠲᠣᠭᠤᠷᠢᠭ ᠠᠯᠪᠠᠨ ᠵᠢᠷᠤᠮ ᠤᠨ ᠮᠣᠳᠣ ᠳᠠᠷᠢᠬᠤ ᠬᠥᠳᠡᠯᠭᠡᠭᠡᠨ ᠥᠷᠨᠢᠭᠦᠯᠪᠡ
ᠨᠡᠶᠢᠲᠡᠯᠡᠭᠰᠡᠨ ᠴᠠᠭ᠄
2024/4/19
    ᠤᠷᠢᠬᠠᠨ ᠰᠠᠯᠬᠢᠨ ᠤ ᠢᠯᠪᠢᠯᠲᠡ ᠪᠠᠷ ᠣᠢ ᠮᠣᠳᠤᠳ ᠰᠢᠨᠡᠬᠡᠨ ᠨᠣᠭᠤᠭᠠᠨ ᠢᠶᠠᠷ ᠪᠣᠳᠤᠭᠳᠠᠵᠤ᠂ ᠶᠠᠭ ᠰᠠᠶᠢᠬᠠᠨ ᠮᠣᠳᠣ ᠲᠠᠷᠢᠬᠤ ᠴᠠᠭ ᠬᠦᠷᠴᠦ ᠢᠷᠡᠵᠠᠢ ᠃ 4 ᠰᠠᠷ᠎ᠠ ᠶᠢᠨ 18 ᠎ ᠤ ᠡᠳᠦᠷ ᠂ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠼᠤᠤ ᡁᠢ ᠶᠦᠩ ᠂ ᠲᠣᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ ᠂ ᠲᠣᠭᠤᠷᠢᠭ ᠤᠨ ᠵᠠᠰᠠᠭ ᠤᠨ ᠣᠷᠳᠣᠨ ᠤ ᠳᠠᠷᠤᠭ᠎ᠠ ᠵᠠᠩ ᡁᠢ ᠸᠧᠢ ᠂ ᠲᠣᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠯᠢ ᠺᠠᠢ ᠂ ᠲᠣᠭᠤᠷᠢᠭ ᠤᠨ ᠤᠯᠤᠰ ᠲᠦᠷᠦ ᠶᠢᠨ ᠵᠥᠪᠯᠡᠯᠭᠡᠨ ᠤ ᠲᠡᠷᠢᠭᠦᠯᠡᠭᠴᠢ ᠸᠠᠩ ᠵᠧᠨ ᠯᠢᠶᠠᠩ ᠵᠡᠷᠭᠡ ᠲᠣᠭᠤᠷᠢᠭ ᠤᠨ ᠲᠦᠷᠪᠡᠨ ᠶᠡᠭᠡ ᠪᠠᠭ ᠤᠨ ᠤᠳᠤᠷᠢᠳᠤᠯᠭ᠎ᠠ ᠂ ᠰᠢᠭᠦᠬᠦ ᠬᠤᠷᠢᠶ᠎ᠠ ᠪᠠᠶᠢᠴᠠᠭᠠᠬᠤ ᠬᠤᠷᠢᠶᠠᠨ ᠤ ᠬᠤᠶᠠᠷ ᠳᠠᠷᠤᠭ᠎ᠠ ᠭᠦ᠋ ᠱᠠᠨ ᠤᠢ ᠰᠢᠭᠤᠢ ᠶᠢᠨ ᠴᠡᠴᠡᠷᠯᠢᠭ ᠎ ᠲᠤ ᠬᠦᠷᠴᠦ ᠂ ᠲᠣᠭᠤᠷᠢᠭ ᠤᠨ ᠬᠠᠷᠢᠶ᠎ᠠ ᠪᠠᠶᠢᠭᠤᠯᠭ᠎ᠠ ᠶᠢᠨ 500 ᠭᠠᠷᠤᠢ ᠺᠠᠳ᠋ᠷ ᠲᠠᠢ ᠬᠠᠮᠲᠤ ᠠᠯᠪᠠᠨ ᠵᠢᠷᠤᠮ ᠤᠨ ᠮᠣᠳᠣ ᠲᠠᠷᠢᠬᠤ ᠬᠥᠳᠡᠯᠭᠡᠭᠡᠨ ᠳᠤ ᠣᠷᠣᠯᠴᠠᠵᠤ ᠂ ᠪᠣᠳᠠᠲᠤ ᠠᠵᠢᠯᠯᠠᠭ᠎ᠠ ᠪᠠᠷ ᠢᠶᠠᠨ ᠶᠤᠸᠠᠨ ᠪᠦᠦ ᠱᠠᠨ ᠲᠣᠭᠤᠷᠢᠭ ᠲᠤ ᠰᠢᠨ᠎ᠡ ᠨᠣᠭᠤᠭᠠᠨ ᠨᠡᠮᠡᠷᠢᠯᠡᠵᠦ ᠂ ᠰᠢᠨ᠎ᠡ ᠤᠢ ᠮᠣᠳᠣ ᠲᠠᠷᠢᠵᠠᠢ᠃
1_副本.jpg
2_副本.jpg
3_副本.jpg
       ᠦᠳᠡ ᠶᠢᠨ ᠡᠮᠦᠨᠡᠬᠢ 9 ᠴᠠᠭ ᠲᠤ ᠂ ᠮᠣᠳᠣ ᠲᠠᠷᠢᠬᠤ ᠲᠤᠬᠠᠢ ᠶᠢᠨ ᠲᠠᠯᠠᠪᠠᠢ ᠶᠢᠨ ᠠᠭᠤᠷ ᠠᠮᠢᠰᠬᠤᠯ ᠬᠦᠷ ᠬᠥᠭᠵᠢᠶᠡᠨᠲᠡᠢ ᠪᠠᠶᠢᠵᠤ ᠂ ᠶᠠᠭᠠᠷᠠᠯᠲᠠᠢ ᠪᠠᠶᠢᠳᠠᠯ ᠢᠶᠠᠷ ᠪᠢᠯᠬᠠᠨ᠎ᠠ ᠃ ᠤᠯᠠᠨ ᠢᠶᠠᠷ ᠢᠶᠠᠨ ᠠᠵᠢᠯ ᠬᠤᠪᠢᠶᠠᠷᠢᠯᠠᠨ ᠬᠠᠮᠲᠤᠷᠠᠯᠴᠠᠵᠤ ᠂ ᠵᠤᠬᠢᠴᠠᠯᠳᠤᠨ ᠬᠠᠮᠵᠢᠯᠴᠠᠵᠤ᠂ ᠬᠦᠴᠦ ᠬᠥᠯᠥᠰᠦ ᠪᠠᠨ ᠤᠷᠤᠰᠬᠠᠵᠤ ᠂ ᠠᠮᠢᠵᠢᠷᠠᠯ ᠪᠢᠯᠠᠬᠠᠭᠤᠯᠵᠤ ᠂ ᠬᠦᠰᠡᠯ ᠡᠷᠡᠮᠡᠯᠵᠡᠯᠡᠯ ᠬᠥᠪᠥᠷᠡᠭᠦᠯᠵᠦ᠂ ᠬᠦᠴᠦ ᠪᠠᠨ ᠬᠠᠮᠲᠤᠳᠬᠠᠨ 160 ᠮᠦ ᠮᠣᠳᠣ ᠲᠠᠷᠢᠵᠤ ᠂ ᠬᠦᠷᠡᠩ ᠨᠠᠪᠴᠢᠲᠤ ᠥᠳᠬᠡᠨ ᠤᠯᠢᠶᠠᠰᠤ ᠂ ᠭᠠᠴᠤᠷ᠎ᠠ ᠂ ᠵᠢᠭᠠᠷᠲᠤ ᠨᠠᠷᠠᠰᠤ ᠵᠡᠷᠭᠡ 2660 ᠰᠠᠭᠤᠷᠢ ᠮᠤᠳᠤᠨ ᠨᠠᠬᠢᠶ᠎ᠠ ᠶᠢ ᠰᠠᠯᠬᠢᠨ ᠰᠥᠷᠥᠨ ᠰᠡᠬᠦᠶᠢᠯᠭᠡᠵᠦ᠂ ᠨᠡᠷᠡᠨ ᠤ ᠲᠤᠩᠭᠠᠯᠠᠭ ᠲᠤᠶᠠᠭᠠᠨ ᠳᠤ ᠴᠤᠭ ᠪᠠᠳᠠᠷᠠᠩᠭᠤᠢ ᠠᠮᠢᠵᠢᠷᠠᠯ ᠤᠨ ᠥᠩᠭᠡ ᠪᠢᠯᠬᠠᠭᠤᠯᠪᠠ᠃ᠥᠷᠭᠡᠨ ᠤᠯᠠᠨ ᠪᠠᠶᠢᠭᠤᠯᠭ᠎ᠠ ᠶᠢᠨ ᠺᠠᠳ᠋ᠷᠴᠤᠳ᠂ ᠲᠤᠰ ᠤᠳᠠᠭᠠᠨ ᠤ ᠮᠣᠳᠣ ᠲᠠᠷᠢᠬᠤ ᠬᠥᠳᠡᠯᠭᠡᠭᠡᠨ ᠢᠶᠠᠷ ᠠᠵᠠ ᠲᠣᠬᠢᠶᠠᠯ ᠪᠣᠯᠭᠠᠵᠤ ᠂ ᠪᠦᠬᠦ ᠠᠷᠠᠳ ᠎ ᠤᠨ ᠮᠣᠳᠣ ᠲᠠᠷᠢᠬᠤ ᠡᠭᠦᠷᠭᠡ ᠪᠠᠨ ᠤᠬᠠᠮᠰᠠᠷ ᠠᠴᠠ ᠪᠠᠨ ᠭᠦᠢᠴᠡᠳᠬᠡᠵᠦ ᠂ ᠤᠯᠤᠰ ᠤᠨ ᠭᠠᠵᠠᠷ ᠰᠢᠷᠣᠢ ᠶᠢ ᠨᠣᠭᠤᠭᠠᠷᠠᠭᠤᠯᠬᠤ ᠬᠥᠳᠡᠯᠭᠡᠭᠡᠨ ᠳᠤ ᠢᠳᠡᠪᠬᠢᠲᠡᠢ ᠣᠷᠣᠯᠴᠠᠵᠤ ᠂ ᠠᠯᠪᠠᠨ ᠵᠢᠷᠤᠮ ᠤᠨ ᠮᠣᠳᠣ ᠲᠠᠷᠢᠬᠤ ᠬᠥᠳᠡᠯᠭᠡᠭᠡᠨ ᠢ ᠭᠦᠨᠵᠡᠭᠡᠢ ᠪᠥᠭᠡᠳ ᠤᠳᠠᠭᠠᠨ ᠳᠠᠭᠠᠭᠠᠮᠠᠭᠠᠢ ᠥᠷᠨᠢᠭᠦᠯᠵᠦ ᠂ ᠦᠨᠡᠨ ᠪᠣᠳᠠᠲᠠᠢ ᠠᠵᠢᠯᠯᠠᠭ᠎ᠠ ᠪᠠᠷ ᠢᠶᠠᠨ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠦᠲᠦᠭᠡᠨ ᠪᠠᠶᠢᠭᠤᠯᠬᠤ ᠂ ᠶᠤᠸᠠᠨ ᠪᠦᠦ ᠱᠠᠨ ᠲᠣᠭᠤᠷᠢᠭ ᠤᠨ ᠠᠮᠢ ᠠᠬᠤᠢ ᠶᠢᠨ ᠣᠷᠴᠢᠨ ᠲᠣᠭᠤᠷᠢᠨ ᠢ ᠲᠠᠬᠢᠨ ᠪᠣᠢ ᠪᠣᠯᠭᠠᠬᠤ ᠶᠢ ᠠᠬᠢᠭᠤᠯᠬᠤ ᠳᠤ ᠬᠦᠴᠦᠨ ᠴᠢᠳᠠᠯ ᠢᠶᠠᠨ ᠡᠷᠭᠦᠨ᠎ᠡ ᠭᠡᠵᠦ ᠢᠯᠡᠳᠬᠡᠵᠡᠭᠡᠪᠡ ᠃    ᠣᠶᠢᠯᠠᠭᠠᠭᠰᠠᠨ ᠢᠶᠠᠷ ᠂ 2021 ᠣᠨ ᠠᠴᠠ ᠨᠠᠭᠠᠰᠢ᠂ ᠮᠠᠨ ᠤ ᠲᠣᠭᠤᠷᠢᠭ ᠨᠡᠶᠢᠳᠡ 18.6 ᠲᠦᠮᠡᠨ ᠬᠥᠮᠥᠨ ᠡᠭᠡᠯᠵᠢ ᠶᠢᠨ ᠣᠶᠢᠵᠢᠭᠤᠯᠵᠤ ᠨᠣᠭᠤᠭᠠᠷᠠᠭᠤᠯᠬᠤ ᠂ ᠠᠷᠠᠴᠢᠯᠠᠵᠤ ᠪᠣᠶᠢᠵᠢᠭᠤᠯᠬᠤ ᠂ ᠬᠠᠷᠢᠭᠤᠴᠠᠨ ᠠᠷᠠᠴᠢᠯᠠᠬᠤ᠂ ᠪᠡᠯᠡ ᠮᠥᠩᠭᠦ ᠡᠳ᠋ ᠪᠣᠳᠠᠰ ᠬᠠᠨᠳᠢᠪᠯᠡᠬᠤ ᠂ ᠰᠠᠶᠢᠨ ᠳᠤᠷ᠎ᠠ ᠶᠢᠨ ᠦᠢᠯᠡᠴᠢᠯᠡᠭᠡ ᠬᠠᠩᠭᠠᠬᠤ ᠵᠡᠷᠭᠡ ᠬᠡᠯᠪᠡᠷᠢ ᠪᠠᠷ ᠠᠯᠪᠠᠨ ᠵᠢᠷᠤᠮ ᠤᠨ ᠮᠣᠳᠣ ᠲᠠᠷᠢᠬᠤ ᠬᠥᠳᠡᠯᠭᠡᠭᠡᠨ ᠳᠤ ᠣᠷᠣᠯᠴᠠᠵᠤ ᠂ 23 ᠠᠯᠪᠠᠨ ᠵᠢᠷᠤᠮ ᠤᠨ ᠮᠣᠳᠣ ᠲᠠᠷᠢᠬᠤ ᠰᠠᠭᠤᠷᠢᠨ ᠪᠠᠶᠢᠭᠤᠯᠵᠤ ᠂ 62.4 ᠲᠦᠮᠡᠨ ᠰᠠᠭᠤᠷᠢ ᠤᠢ ᠮᠣᠳᠣ ᠵᠠᠶᠢᠯᠠᠵᠤ ᠂ ᠠᠯᠪᠠᠨ ᠵᠢᠷᠤᠮ ᠤᠨ ᠮᠣᠳᠣ ᠲᠠᠷᠢᠭᠰᠠᠨ ᠲᠠᠯᠠᠪᠠᠢ 6700 ᠮᠦ ᠬᠥᠷᠴᠠᠢ᠃ 
 
ᠢᠷᠡᠯᠲᠡ᠄ ᠶᠤᠸᠠᠨ ᠪᠣᠥ ᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1