ᠠᠮᠲᠠᠲᠤ ᠬᠡᠮᠬᠡ ᠶᠢᠨ ᠰᠠᠯᠠᠭᠠᠯᠠᠬᠤ ᠴᠢᠨᠠᠷ ᠨᠢ ᠮᠠᠰᠢ ᠴᠢᠩᠭ᠎ᠠ᠂ ᠣᠯᠠᠩᠬᠢ ᠡᠭᠦᠯᠳᠡᠷ ᠨᠢ ᠦᠷᠡᠲᠦ ᠵᠡᠯ᠎ᠡ ᠪᠠ | ᠣᠮᠪᠣᠯᠣ ᠵᠡᠯ᠎ᠡ ᠪᠠᠷ ᠭᠤᠣᠯᠯᠠᠳᠠᠭ᠂ ᠡᠶᠢᠮᠦ ᠠᠴᠠ ᠶᠡᠷᠦ ᠳᠡᠭᠡᠨ ᠦᠷ᠎ᠡ ᠶᠢᠨ ᠴᠢᠬᠢ ᠨᠢ 4-5 ᠬᠡᠰᠡᠭ ᠵᠢᠩᠬᠢᠨᠢ | ᠨᠠᠪᠴᠢ ᠲᠠᠢ ᠪᠣᠯᠬᠤ ᠦᠶ᠎ᠡ ᠳᠤ ᠭᠤᠣᠯ ᠢ ᠨᠢ ᠠᠪᠴᠤ᠂ ᠬᠠᠵᠠᠭᠤ ᠶᠢᠨ ᠰᠠᠯᠠᠭ᠎ᠠ ᠶᠢᠨ ᠤᠷᠭᠤᠯᠲᠠ ᠶᠢ ᠠᠬᠢᠭᠤᠯᠳᠠᠭ᠃ | ᠨᠢᠯᠬ᠎ᠠ ᠬᠡᠮᠬᠡ ᠰᠠᠭᠤᠭᠰᠠᠨ ᠤ ᠳᠠᠷᠠᠭ᠎ᠠ᠂ ᠳᠠᠬᠢᠨ ᠦᠷᠡᠲᠦ ᠵᠡᠯ᠎ᠡ ᠶᠢᠨ ᠭᠤᠣᠯ ᠢ ᠨᠢ ᠠᠪᠴᠤ᠂ ᠰᠢᠮ᠎ᠡ | ᠲᠡᠵᠢᠭᠡᠯ ᠢ ᠨᠢ ᠨᠢᠯᠬ᠎ᠠ ᠬᠡᠮᠬᠡ ᠳᠤ ᠬᠦᠷᠭᠡᠵᠦ᠂ ᠨᠢᠯᠬ᠎ᠠ ᠬᠡᠮᠬᠡ ᠶᠢᠨ ᠲᠣᠮᠣᠷᠠᠬᠤ ᠶᠢ ᠠᠬᠢᠭᠤᠯᠳᠠᠭ᠃ ᠠᠳᠠᠯᠢ ᠪᠤᠰᠤ | ᠡᠭᠦᠯᠳᠡᠷ ᠤᠨ ᠭᠤᠸ᠎ᠠ ᠰᠠᠭᠤᠬᠤ ᠵᠠᠩᠰᠢᠯ ᠢ ᠦᠨᠳᠦᠰᠦᠯᠡᠨ ᠳᠠᠩ ᠵᠡᠯᠡᠲᠦ ᠰᠠᠯᠠᠭ᠎ᠠ ᠪᠠ ᠬᠤᠣᠰ ᠵᠡᠯᠡᠲᠦ ᠰᠠᠯᠠᠭ᠎ᠠ ᠶᠢ | ᠲᠡᠭᠰᠢᠯᠡᠵᠦ᠂ ᠬᠥᠬᠡᠨᠠᠭᠤᠷ ᠮᠤᠵᠢ ᠶᠢᠨ ᠡᠩ ᠤᠨ ᠰᠠᠷᠠᠪᠴᠢᠨ ᠳᠤ ᠤᠷᠭᠤᠭᠤᠯᠤᠭᠰᠠᠨ ᠵᠤᠵᠠᠭᠠᠨ ᠬᠠᠯᠢᠰᠤᠲᠤ | ᠠᠮᠲᠠᠲᠤ ᠬᠡᠮᠬᠡ ᠶᠢᠨ ᠣᠯᠠᠩᠬᠢ ᠨᠢ ᠳᠠᠩ ᠵᠡᠯᠡᠲᠦ ᠰᠠᠯᠠᠭ᠎ᠠ ᠶᠢ ᠲᠡᠭᠰᠢᠯᠡᠳᠡᠭ᠃ ᠳᠠᠩ ᠵᠡᠯᠡᠲᠦ ᠰᠠᠯᠠᠭ᠎ᠠ ᠶᠢ | ᠲᠡᠭᠰᠢᠯᠡᠬᠦ ᠳᠤ ᠭᠤᠣᠯ ᠵᠡᠯᠡᠲᠦ 4-5 ᠬᠡᠰᠡᠭ ᠵᠢᠩᠬᠢᠨᠢ ᠨᠠᠪᠴᠢ ᠶᠢᠨ ᠭᠤᠣᠯ ᠢ ᠨᠢ ᠠᠪᠴᠤ᠂ ᠰᠠᠭᠤᠷᠢ ᠬᠡᠰᠡᠭ ᠲᠤᠨᠢ | ᠨᠢᠭᠡ ᠢᠳᠡᠷᠬᠡᠭ ᠦᠷᠡᠲᠦ ᠵᠡᠯ᠎ᠡ ᠦᠯᠡᠳᠡᠭᠡᠵᠦ᠂ ᠪᠤᠰᠤᠳ ᠦᠷᠡᠲᠦ ᠵᠡᠯ᠎ᠡ ᠶᠢ ᠨᠢ ᠪᠦᠬᠦᠨ ᠢ ᠠᠪᠤᠨ᠎ᠠ᠃ ᠦᠷᠡᠲᠦ | ᠵᠡᠯ᠎ᠡ ᠶᠢᠨ 7-11 ᠳ᠋ᠤᠭᠡᠷ ᠦᠶ᠎ᠡ ᠳᠤ ᠤᠷᠭᠤᠭᠰᠠᠨ ᠣᠮᠪᠣᠯᠣ ᠵᠡᠯ᠎ᠡ ᠨᠢ ᠭᠤᠸ᠎ᠠ ᠰᠠᠭᠤᠭᠰᠠᠨ ᠤ ᠰᠡᠭᠦᠯᠡᠷ᠂ | ᠭᠤᠸ᠎ᠠ ᠶᠢᠨ ᠡᠮᠦᠨ᠎ᠡ ᠨᠢ 1-2 ᠬᠡᠰᠡᠭ ᠨᠠᠪᠴᠢ ᠶᠢ ᠦᠯᠡᠳᠡᠭᠡᠵᠦ ᠭᠤᠣᠯ ᠢ ᠨᠢ ᠠᠪᠤᠨ᠎ᠠ᠃ ᠦᠷᠡᠲᠦ ᠵᠡᠯ᠎ᠡ | 25-30 ᠨᠠᠪᠴᠢ ᠤᠷᠭᠤᠭᠰᠠᠨ ᠤ ᠳᠠᠷᠠᠭ᠎ᠠ ᠭᠤᠣᠯ ᠢ ᠨᠢ ᠠᠪᠤᠭᠠᠳ᠂ ᠵᠢᠮᠢᠰ ᠰᠠᠭᠤᠬᠤ ᠦᠭᠡᠢ ᠣᠮᠪᠣᠯᠣ ᠵᠡᠯ᠎ᠡ | ᠪᠦᠬᠦᠨ ᠢ ᠨᠢ ᠠᠪᠤᠨ᠎ᠠ᠃ ᠨᠢᠮᠭᠡᠨ ᠬᠠᠯᠢᠰᠤᠲᠤ ᠠᠮᠲᠠᠲᠤ ᠬᠡᠮᠬᠡ ᠶᠢᠨ ᠴᠢᠬᠢ ᠶᠡᠷᠦ ᠳᠡᠭᠡᠨ 5 ᠬᠡᠰᠡᠭ ᠵᠢᠩᠬᠢᠨᠢ | ᠨᠠᠪᠴᠢ ᠤᠷᠭᠤᠭᠰᠠᠨ ᠤ ᠳᠠᠷᠠᠭ᠎ᠠ ᠭᠤᠣᠯ ᠢ ᠨᠢ ᠠᠪᠴᠤ᠂ ᠬᠠᠵᠠᠭᠤ ᠶᠢᠨ 4 ᠵᠡᠯ᠎ᠡ ᠶᠢ ᠦᠯᠡᠳᠡᠭᠡᠭᠡᠳ᠂ ᠣᠮᠪᠣᠯᠤ | ᠵᠡᠯ᠎ᠡ ᠤᠷᠭᠤᠭᠰᠠᠨ ᠤ ᠳᠠᠷᠠᠭ᠎ᠠ᠂ ᠣᠮᠪᠣᠯᠤ ᠵᠡᠯ᠎ᠡ ᠳᠡᠭᠡᠷ᠎ᠡ ᠨᠢ ᠴᠡᠴᠡᠭ ᠭᠤᠸ᠎ᠠ ᠦᠯᠡᠳᠡᠭᠡᠳᠡᠭ᠃ ᠣᠮᠪᠣᠯᠤ ᠵᠡᠯ᠎ᠡ ᠶᠢᠨ | ᠭᠤᠸ᠎ᠠ ᠶᠢᠨ ᠡᠮᠦᠨ᠎ᠡ 3-4 ᠨᠠᠪᠴᠢ ᠶᠢ ᠦᠯᠡᠳᠡᠭᠡᠵᠦ ᠭᠤᠣᠯ ᠢ ᠨᠢ ᠠᠪᠤᠨ᠎ᠠ᠃ ᠶᠡᠷᠦ ᠶᠢᠨ ᠪᠠᠶᠢᠳᠠᠯ ᠳᠤ ᠰᠠᠭᠤᠷᠢ | ᠪᠦᠷᠢ ᠳᠤ 4-6 ᠭᠤᠸ᠎ᠠ ᠦᠯᠡᠳᠡᠭᠡᠵᠦ᠂ ᠭᠤᠸ᠎ᠠ ᠰᠠᠭᠤᠭᠰᠠᠨ ᠤ ᠳᠠᠷᠠᠭ᠎ᠠ ᠲᠡᠭᠦᠨ ᠤ ᠤᠷᠭᠤᠯᠲᠠ ᠶᠢ | ᠳᠤᠷ᠎ᠠ ᠪᠠᠷ ᠨᠢ ᠲᠠᠯᠪᠢᠭᠠᠳ ᠰᠠᠯᠠᠭ᠎ᠠ ᠶᠢ ᠨᠢ ᠲᠡᠭᠰᠢᠯᠡᠬᠦ ᠪᠠᠨ ᠪᠣᠯᠢᠳᠠᠭ᠃ | |