ᠶᠤᠸᠠᠨ ᠪᠤᠤ ᠱᠠᠨ ᠪᠠᠯᠭᠠᠰᠤ᠄ ᠬᠠᠭᠤᠷᠮᠠᠭ ᠮᠠᠨᠵᠤ ᠵᠠᠰᠠᠭ ᠤᠨ ᠦᠶ᠎ᠠ ᠳᠤ ᠬᠦᠮᠦᠰ ᠠᠳᠠ ᠠᠭᠤᠯᠠ ᠲᠡᠭᠡᠷ᠎ᠠ | ᠠᠭᠤᠷᠬᠠᠢ ᠮᠠᠯᠳᠠᠵᠤ᠂ ᠠᠰᠢᠭ ᠤᠷᠤᠯᠭ᠎ᠠ ᠡᠯᠪᠡᠭ ᠲᠡᠯᠪᠡᠭ ᠤᠯᠵᠤ ᠪᠠᠶᠢᠵᠠᠢ᠃ ᠲᠡᠭᠡᠭᠡᠳ ᠡᠨᠡᠬᠦ ᠠᠭᠤᠯᠠ ᠶᠢ | ᠶᠤᠸᠠᠨ ᠪᠤᠤ ᠱᠠᠨ ᠭᠡᠵᠤ ᠨᠡᠷᠡᠶᠢᠳᠤᠵᠠᠢ᠃ ᠲᠤᠰ ᠪᠠᠯᠭᠠᠰᠤᠨ ᠤ ᠨᠡᠷ᠎ᠠ ᠨᠢ ᠠᠭᠤᠯᠠ ᠠᠴᠠ ᠢᠷᠡᠯᠳᠠᠳᠠᠢ᠃ ᠲᠤᠰ | ᠭᠠᠵᠠᠷ ᠲᠦᠷᠦ ᠬᠡᠷᠡᠯᠳᠦ ᠬᠠᠭᠠᠨ ᠤ ᠦᠶ᠎ᠠ ᠳᠤ ᠬᠦᠮᠦᠨ ᠰᠠᠭᠤᠷᠢᠰᠢᠵᠤ᠂ ᠠᠭᠠᠵᠢᠮ ᠢᠶᠠᠷ ᠡᠳᠦᠢ ᠲᠡᠳᠦᠢ ᠲᠤᠰᠬᠤᠨ | ᠪᠤᠯᠵᠤ ᠪᠦᠷᠢᠯᠳᠤᠵᠠᠢ᠃ 1946 ᠤᠨ ᠤ 9 ᠰᠠᠷ᠎ᠠ ᠳᠤ ᠵᠢᠶᠠᠨ ᠴᠠᠩ ᠢᠩ ᠤᠨ ᠬᠤᠶᠠᠳᠤᠭᠠᠷ ᠲᠤᠭᠤᠷᠢᠭ ᠤᠨ | ᠬᠠᠷᠢᠶᠠᠨ ᠳᠤ ᠪᠠᠶᠢᠵᠤ᠂ 1961 ᠤᠨ ᠳᠤ ᠶᠤᠸᠠᠨ ᠪᠤᠤ ᠱᠠᠨ ᠠᠷᠠᠳ ᠤᠨ ᠨᠢᠬᠡᠳᠦᠯ ᠢ ᠪᠠᠶᠢᠭᠤᠯᠪᠠ᠂ 1968 | ᠤᠨ ᠳᠤ ᠰᠢᠨ ᠱᠠᠨ ᠨᠢᠬᠡᠳᠦᠯ ᠭᠡᠵᠤ ᠨᠡᠷ᠎ᠠ ᠪᠠᠨ ᠬᠠᠯᠠᠵᠠᠢ᠂ 1975 ᠤᠨ ᠳᠤ ᠤᠤᠯ ᠤᠨ ᠶᠤᠸᠠᠨ ᠪᠣᠣ ᠱᠠᠨ | ᠨᠢᠬᠡᠳᠦᠯ ᠬᠡᠳᠡᠭ ᠨᠡᠷ᠎ᠠ ᠪᠠᠨ ᠰᠡᠷᠬᠦᠬᠡᠵᠤ᠂ 1984 ᠤᠨ ᠳᠤ ᠪᠠ ᠵᠢᠶᠠ ᠰᠢᠶᠠᠩ ᠢ ᠪᠠᠶᠢᠭᠤᠯᠵᠠᠢ᠂ 1986 ᠤᠨ | 7 ᠰᠠᠷ᠎ᠠ ᠳᠤ ᠶᠤᠸᠠᠨ ᠪᠤᠤ ᠱᠠᠨ ᠤ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠢ ᠦᠬᠡᠶᠢᠰᠬᠡᠵᠤ᠂ ᠪᠠ ᠵᠢᠶᠠ | ᠰᠢᠶᠠᠩ ᠲᠠᠢ ᠨᠡᠶᠢᠯᠡᠬᠦᠯᠪᠡ᠂ ᠲᠡᠭᠡᠭᠡᠳ 1987 ᠤᠨ ᠤ 7 ᠰᠠᠷ᠎ᠠ ᠳᠤ ᠪᠠ ᠵᠢᠶᠠ ᠰᠢᠶᠠᠩ ᠢ ᠶᠤᠸᠠᠨ ᠪᠤᠤ ᠱᠠᠨ | ᠪᠠᠯᠭᠠᠰᠤ ᠬᠡᠵᠤ ᠨᠡᠷ᠎ᠠ ᠶᠢ ᠨᠢ ᠦᠬᠡᠷᠡᠴᠢᠯᠡᠪᠡ᠃ 2005 ᠤᠨ ᠤ 11 ᠰᠠᠷ᠎ᠠ ᠶᠢᠨ 12 ᠤ ᠡᠳᠦᠷ ᠶᠤᠸᠠᠨ ᠪᠤᠤ | ᠱᠠᠨ ᠲᠤᠭᠤᠷᠢᠭ ᠰᠢᠶᠠᠩ ᠪᠠᠯᠭᠠᠰᠤ ᠶᠢᠨ ᠪᠠᠶᠢᠭᠤᠯᠤᠮᠵᠢ ᠶᠢᠨ ᠦᠬᠡᠷᠡᠴᠢᠯᠡᠯᠳᠠ ᠬᠢᠵᠤ᠂ ᠤᠤᠯ ᠤᠨ ᠵᠢᠶᠠᠨ ᠴᠠᠩ | ᠢᠩ ᠪᠠᠯᠭᠠᠰᠤ᠂ ᠶᠤᠸᠠᠨ ᠪᠤᠤ ᠱᠠᠨ ᠪᠠᠯᠭᠠᠰᠤ᠂ ᠮᠠ ᠯᠢᠨ ᠪᠠᠯᠭᠠᠰᠤ ᠶᠢ ᠨᠡᠶᠢᠯᠡᠬᠦᠯᠦᠨ ᠶᠤᠸᠠᠨ ᠪᠤᠤ ᠱᠠᠨ ᠪᠠᠯᠭᠠᠰᠤ | ᠪᠤᠯᠭᠠᠵᠠᠢ᠃ | |