ᠶᠤᠸᠠᠨ ᠪᠦᠦ ᠱᠠᠨ ᠲᠣᠭᠤᠷᠢᠭ ᠤᠨ ᠳᠥᠷᠪᠡᠨ ᠶᠡᠭᠡ ᠪᠠᠭ ᠤᠨ ᠤᠳᠤᠷᠢᠳᠤᠯᠭ᠎ᠠ ᠨᠢᠭᠡᠳᠦᠭᠡᠷ ᠹᠷᠣᠨᠲ ᠤᠨ ᠪᠠᠭᠰᠢ ᠨᠠᠷ ᠢ ᠪᠣᠯᠭᠤᠭᠠᠨ ᠲᠣᠬᠤᠨᠢᠭᠤᠯᠪᠠ
ᠨᠡᠶᠢᠲᠡᠯᠡᠭᠰᠡᠨ ᠴᠠᠭ᠄
2023/9/11
    ᠪᠣᠯᠭᠤᠭᠠᠨ ᠲᠣᠬᠤᠨᠢᠭᠤᠯᠬᠤ ᠦᠭᠡ ᠨᠦᠭᠦᠳ ᠠᠴᠠ ᠭᠦᠨ ᠵᠤᠵᠠᠭᠠᠨ ᠰᠤᠷᠭᠠᠨ ᠬᠥᠮᠦᠵᠢᠯ ᠤᠨ ᠰᠡᠳᠬᠢᠯᠭᠡ ᠣᠨᠳᠤᠷᠤᠨ᠎ᠠ ᠃ 9 ᠰᠠᠷ᠎ᠠ ᠶᠢᠨ 7᠎ ᠤ ᠡᠳᠦᠷ ᠠᠴᠠ 9᠎ ᠤ  ᠡᠳᠥᠷ ᠪᠣᠯᠲᠠᠯ᠎ᠠ᠂ 39 ᠳ᠋ᠣᠭᠡᠷ ᠪᠠᠭᠰᠢ ᠶᠢᠨ ᠪᠠᠶᠠᠷ ᠬᠥᠷᠴᠥ ᠢᠷᠡᠬᠦ ᠭᠡᠵᠦ ᠪᠠᠶᠢᠭ᠎ᠠ ᠲᠠᠰᠢᠷᠠᠮ ᠳᠤ᠂ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠼᠤᠤ ᡁᠢ ᠶᠦᠩ᠂ ᠲᠣᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠯᠢ ᠺᠠᠢ᠂ ᠲᠣᠭᠤᠷᠢᠭ ᠤᠨ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠸᠠᠩ ᠵᠧᠨ ᠯᠢᠶᠠᠩ᠂ ᠲᠣᠭᠤᠷᠢᠭ ᠤᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠠᠯᠪᠠᠨ ᠭᠡᠷ ᠤᠨ ᠡᠷᠬᠢᠯᠡᠭᠴᠢ ᠯᠢ ᡁᠢ ᠭᠠᠩ᠂ ᠲᠣᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ ᠵᠠᠩ ᠴᠢᠶᠦ᠋ᠨ ᠂ ᠲᠣᠭᠤᠷᠢᠭ ᠤᠨ ᠵᠠᠰᠠᠭ ᠤᠨ ᠣᠷᠳᠣᠨ ᠤ ᠳᠡᠳ᠋ ᠳᠠᠷᠤᠭ᠎ᠠ ᠶᠢᠨ ᠮᠢᠩ᠂ ᠫᠧᠩ ᠰᠢᠶᠣᠣ ᠵᠢᠤᠸᠠᠨ᠂ ᠲᠣᠭᠤᠷᠢᠭ ᠤᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠯᠢᠦ ᠹᠧᠩ ᠬᠤᠸᠠ ᠲᠣᠰ ᠲᠣᠰ ᠫᠢᠩᠵᠤᠸᠠᠩ ᠨᠡᠭᠦᠷᠡᠰᠦᠨ ᠤ ᠦᠢᠯᠡᠰ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ᠂ ᠶᠤᠸᠠᠨ ᠪᠦᠦ ᠱᠠᠨ ᠲᠣᠭᠤᠷᠢᠭ ᠤᠨ ᠨᠢᠭᠡᠳᠦᠭᠡᠷ ᠳᠤᠮᠳᠠᠳᠤ ᠰᠤᠷᠭᠠᠭᠤᠯᠢ᠂ ᠫᠢᠩᠵᠤᠸᠠᠩ ᠠᠭᠤᠷᠬᠠᠢ ᠶᠢᠨ ᠲᠣᠭᠤᠷᠢᠭ ᠤᠨ ᠳᠤᠮᠳᠠᠳᠤ ᠰᠤᠷᠭᠠᠭᠤᠯᠢ ᠂ ᠫᠢᠩᠵᠤᠸᠠᠩ ᠠᠭᠤᠷᠬᠠᠢ ᠶᠢᠨ ᠲᠣᠭᠤᠷᠢᠭ ᠤᠨ ᠬᠤᠶᠠᠳᠤᠭᠠᠷ ᠪᠠᠭ᠎ᠠ ᠰᠤᠷᠭᠠᠭᠤᠯᠢ᠂ ᠶᠤᠸᠠᠨ ᠪᠦᠦ ᠱᠠᠨ ᠲᠣᠭᠤᠷᠢᠭ ᠤᠨ ᠭᠤᠷᠪᠠᠳᠤᠭᠠᠷ ᠬᠡᠦᠬᠡᠳ ᠤᠨ ᠴᠡᠴᠡᠷᠯᠢᠭ ᠲᠤ ᠬᠦᠷᠴᠦ ᠨᠢᠭᠡᠳᠦᠭᠡᠷ ᠹᠷᠣᠨᠲ ᠤᠨ ᠪᠠᠭᠰᠢ ᠶᠢᠨ ᠲᠥᠯᠥᠭᠡᠯᠡᠭᠴᠢᠳ ᠢ ᠪᠣᠯᠭᠤᠭᠠᠨ ᠲᠣᠬᠤᠨᠢᠭᠤᠯᠵᠤ᠂ ᠪᠥᠬᠦ ᠲᠣᠭᠤᠷᠢᠭ ᠤᠨ ᠥᠷᠭᠡᠨ ᠣᠯᠠᠨ ᠪᠠᠭᠰᠢ ᠨᠠᠷ᠂ ᠰᠤᠷᠭᠠᠨ ᠬᠥᠮᠦᠵᠢᠯ ᠤᠨ ᠠᠵᠢᠯᠲᠠᠳ ᠲᠤ ᠪᠠᠶᠠᠷ ᠤᠨ ᠡᠳᠦᠷ ᠤᠨ ᠵᠥᠩᠨᠡᠯ ᠪᠠ ᠴᠢᠩ ᠰᠡᠳᠬᠢᠯ ᠤᠨ ᠮᠡᠨᠳᠦᠴᠢᠯᠡᠯ ᠳᠡᠪᠰᠢᠭᠦᠯᠪᠡ
1_副本.jpg
2_副本.jpg
3_副本.jpg
4_副本.jpg
5_副本.jpg
       ᠫᠢᠩᠵᠤᠸᠠᠩ ᠨᠡᠭᠦᠷᠡᠰᠦᠨ ᠤ ᠦᠢᠯᠡᠰ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠳᠤ᠂ ᠼᠤᠤ ᡁᠢ ᠶᠦᠩ ᠥᠷᠭᠡᠨ ᠤᠯᠠᠨ ᠪᠠᠭᠰᠢ ᠠᠵᠢᠯᠲᠠᠳ ᠤᠨ ᠤᠷᠳᠤ ᠬᠤᠭᠤᠴᠠᠭᠠᠨ ᠤ ᠲᠤᠷᠰᠢ ᠦᠭᠡ ᠲᠠᠭᠤᠨ ᠦᠭᠡᠢ ᠴᠢᠷᠮᠠᠶᠢᠨ ᠠᠵᠢᠯᠯᠠᠭᠰᠠᠨ ᠪᠠ ᠬᠠᠷᠠᠮ ᠦᠭᠡᠢ ᠵᠢᠳᠬᠦᠭᠰᠡᠨ ᠳᠤ ᠲᠠᠯᠠᠷᠬᠠᠵᠤ ᠪᠠᠶᠢᠬᠤ ᠪᠠᠨ ᠢᠯᠡᠳᠬᠡᠵᠦ ᠂ ᠥᠷᠭᠡᠨ ᠤᠯᠠᠨ ᠪᠠᠭᠰᠢ ᠨᠠᠷ ᠢ ᠦᠷᠭᠦᠯᠵᠢᠯᠡᠨ ᠠᠵᠢᠯ ᠤᠨ ᠪᠠᠶᠢᠷᠢ ᠪᠠᠨ ᠬᠠᠶᠢᠷᠠᠯᠠᠨ ᠦᠢᠯᠡᠰ ᠢᠶᠠᠨ ᠳᠡᠭᠡᠳᠦᠯᠡᠬᠦ ᠵᠣᠷᠢᠭ ᠰᠠᠨᠠᠭ᠎ᠠ ᠶᠢ ᠪᠠᠳᠠᠷᠠᠭᠤᠯᠵᠤ ᠂ ᠨᠡᠩ ᠭᠦᠨ ᠰᠡᠳᠬᠢᠯᠭᠡ ᠂ ᠨᠡᠩ ᠪᠣᠳᠠᠲᠠᠢ ᠰᠤᠷᠲᠠᠯ ᠢᠶᠠᠷ ᠢᠶᠠᠨ ᠰᠤᠷᠤᠭᠴᠢᠳ ᠤᠨ ᠡᠷᠡᠭᠦᠯ ᠢᠶᠠᠷ ᠦᠰᠦᠨ ᠪᠣᠶᠢᠵᠢᠬᠤ ᠂ ᠶᠣᠰᠣ ᠰᠤᠷᠲᠠᠬᠤᠨ ᠤᠶᠤᠨ ᠤᠬᠠᠭᠠᠨ ᠪᠡᠶ᠎ᠡ ᠮᠠᠬᠠᠪᠤᠳ ᠭᠤᠸ᠎ᠠ ᠰᠠᠶᠢᠬᠠᠨ ᠬᠥᠳᠡᠯᠮᠦᠷᠢ ᠵᠡᠷᠭᠡ ᠪᠦᠬᠦ ᠲᠠᠯ᠎ᠠ ᠪᠠᠷ ᠬᠥᠭᠵᠢᠬᠦ ᠶᠢᠨ ᠳᠠᠭᠠᠭᠤᠯᠤᠭᠴᠢ ᠪᠣᠯᠵᠤ ᠂ ᠶᠤᠸᠠᠨ ᠪᠦᠦ ᠱᠠᠨ ᠲᠣᠭᠤᠷᠢᠭ ᠤᠨ ᠰᠤᠷᠭᠠᠨ ᠬᠥᠮᠦᠵᠢᠯ ᠤᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠳᠤ ᠲᠠᠬᠢᠨ ᠰᠢᠨ᠎ᠡ ᠭᠠᠪᠢᠶ᠎ᠠ ᠪᠠᠶᠢᠭᠤᠯᠬᠤ ᠶᠢ ᠵᠣᠷᠢᠭᠵᠢᠭᠤᠯᠪᠠ ᠃    ᠫᠢᠩᠵᠤᠸᠠᠩ ᠠᠭᠤᠷᠬᠠᠢ ᠶᠢᠨ ᠲᠣᠭᠤᠷᠢᠭ ᠤᠨ ᠬᠤᠶᠠᠳᠤᠭᠠᠷ ᠪᠠᠭ᠎ᠠ ᠰᠤᠷᠭᠠᠭᠤᠯᠢ ᠳᠤ ᠂ ᠯᠢ ᠺᠠᠢ ᠪᠠᠭᠰᠢ ᠶᠢᠨ ᠲᠥᠯᠥᠭᠡᠯᠡᠭᠴᠢ ᠲᠠᠢ ᠳᠣᠲᠣᠨᠣ ᠪᠠᠷ ᠶᠠᠷᠢᠯᠴᠠᠵᠤ ᠂ ᠲᠡᠳᠡᠨ ᠤ ᠮᠠᠨ ᠤ ᠲᠣᠭᠤᠷᠢᠭ ᠤᠨ ᠰᠤᠷᠭᠠᠨ ᠬᠥᠮᠦᠵᠢᠯ ᠤᠨ ᠦᠢᠯᠡᠰ ᠲᠤ ᠦᠵᠡᠭᠦᠯᠦᠭᠰᠡᠨ ᠢᠳᠡᠪᠬᠢᠲᠡᠢ ᠬᠤᠪᠢ ᠨᠡᠮᠡᠷᠢ ᠳᠤ ᠲᠠᠯᠠᠷᠬᠠᠵᠤ ᠂ ᠥᠷᠭᠡᠨ ᠤᠯᠠᠨ ᠰᠤᠷᠭᠠᠨ ᠬᠥᠮᠦᠵᠢᠯ ᠤᠨ ᠠᠵᠢᠯᠲᠠᠳ ᠲᠤ ᠦᠨᠳᠦᠰᠦ ᠪᠣᠶᠢᠵᠢᠭᠤᠯᠵᠤ ᠰᠦᠭ ᠰᠦᠨᠡᠰᠦ  ᠱᠤᠭᠤᠬᠤ ᠤᠭ ᠰᠠᠨᠠᠭ᠎ᠠ ᠪᠠᠨ ᠪᠠᠲᠤ ᠴᠡᠭᠡᠵᠢᠯᠡᠵᠦ ᠂ ᠪᠢᠴᠢᠭ ᠵᠢᠭᠠᠵᠤ ᠬᠥᠮᠥᠨ ᠢ ᠬᠥᠮᠥᠵᠢᠭᠦᠯᠬᠦ ᠡᠭᠦᠷᠭᠡ ᠶᠢ ᠵᠣᠷᠢᠭᠲᠠᠢ ᠪᠠᠷ ᠡᠭᠦᠷᠭᠡᠯᠡᠵᠦ ᠂ ᠶᠣᠰᠣ ᠰᠤᠷᠲᠠᠬᠤᠨ ᠢᠶᠠᠷ ᠬᠥᠮᠥᠨ ᠢ ᠬᠥᠮᠥᠵᠢᠭᠦᠯᠬᠦ ᠬᠠᠷᠢᠭᠤᠴᠠᠯᠭᠠᠲᠤ ᠰᠡᠳᠬᠢᠯᠭᠡ ᠪᠠᠨ ᠴᠢᠩᠭᠠᠳᠬᠠᠵᠤ ᠂ ᠠᠵᠢᠯ ᠤᠨ ᠪᠠᠶᠢᠷᠢ ᠪᠠᠨ ᠬᠠᠶᠢᠷᠠᠯᠠᠨ ᠦᠢᠯᠡᠰ ᠢᠶᠠᠨ ᠳᠡᠭᠡᠳᠦᠯᠡᠬᠦ ᠂ ᠰᠢᠷᠭᠠᠭᠤ ᠬᠠᠲᠠᠭᠤᠵᠢᠯᠲᠠᠢ ᠰᠤᠳᠤᠯᠬᠤ ᠵᠣᠷᠢᠭ ᠰᠠᠨᠠᠭ᠎ᠠ ᠶᠢ ᠦᠷᠭᠦᠯᠵᠢᠯᠡᠨ ᠪᠠᠳᠠᠷᠠᠭᠤᠯᠬᠤ ᠬᠡᠷᠡᠭᠲᠡᠢ ᠭᠡᠵᠦ ᠬᠦᠰᠡᠯ ᠨᠠᠶᠢᠳᠠᠯᠭ᠎ᠠ ᠪᠠᠨ ᠢᠯᠡᠳᠬᠡᠵᠡᠢ ᠃    ᠶᠤᠸᠠᠨ ᠪᠦᠦ ᠱᠠᠨ ᠲᠣᠭᠤᠷᠢᠭ ᠤᠨ ᠭᠤᠷᠪᠠᠳᠤᠭᠠᠷ ᠬᠡᠦᠬᠡᠳ ᠤᠨ ᠴᠡᠴᠡᠷᠯᠢᠭ ᠲᠤ ᠂ ᠸᠠᠩ ᠵᠧᠨ ᠯᠢᠶᠠᠩ ᠪᠠᠭᠰᠢ ᠶᠢᠨ ᠲᠥᠯᠥᠭᠡᠯᠡᠭᠴᠢ ᠲᠠᠢ ᠨᠢᠭᠡᠳ ᠨᠢᠭᠡ ᠪᠠᠷ ᠭᠠᠷ ᠠᠳᠬᠤᠵᠤ ᠂ ᠴᠡᠴᠡᠷᠯᠢᠭᠴᠢ ᠨᠠᠷ ᠲᠤ ᠪᠠᠶᠠᠷ ᠤᠨ ᠡᠳᠦᠷ ᠤᠨ ᠮᠡᠨᠳᠦᠴᠢᠯᠡᠯ ᠬᠦᠷᠭᠡᠵᠦ ᠂ ᠬᠡᠦᠬᠡᠳ ᠤᠨ ᠴᠡᠴᠡᠷᠯᠢᠭ ᠤᠨ ᠪᠠᠭᠰᠢ ᠶᠣᠰᠣ ᠰᠤᠷᠲᠠᠬᠤᠨ ᠢ ᠲᠡᠷᠢᠭᠦᠨ ᠳᠤ ᠲᠠᠯᠪᠢᠵᠤ ᠂ ᠠᠵᠢᠯ ᠤᠨ ᠪᠠᠶᠢᠷᠢ ᠪᠠᠨ ᠬᠠᠶᠢᠷᠠᠯᠠᠨ ᠦᠢᠯᠡᠰ ᠢᠶᠠᠨ ᠳᠡᠭᠡᠳᠦᠯᠡᠵᠦ ᠂ ᠥᠷ᠎ᠡ ᠪᠥᠲᠥᠮᠵᠢ ᠭᠠᠷᠭᠠᠬᠤ ᠪᠠᠷ ᠬᠦᠴᠦᠯᠡᠨ ᠴᠢᠷᠮᠠᠶᠢᠵᠤ ᠂ ᠪᠠᠶᠠᠷ ᠴᠡᠩᠭᠡᠯ ᠤᠨ ᠳᠤᠮᠳᠠ ᠬᠥᠮᠦᠵᠢᠯ ᠬᠦᠷᠲᠡᠭᠡᠵᠦ ᠂ ᠪᠢᠴᠢᠬᠠᠨ ᠨᠠᠶᠢᠵᠠ ᠨᠠᠷ ᠤᠨ ᠡᠷᠡᠭᠦᠯ ᠴᠢᠭᠢᠷᠠᠭ ᠪᠠᠶᠠᠷ ᠪᠠᠶᠠᠰᠤᠯ ᠲᠠᠢ ᠦᠰᠦᠨ ᠪᠣᠶᠢᠵᠢᠬᠤ ᠳᠤ ᠰᠢᠯᠢᠳᠡᠭ ᠰᠠᠶᠢᠨ ᠠᠭᠤᠷ ᠠᠮᠢᠰᠬᠤᠯ ᠢ ᠪᠤᠢ ᠪᠣᠯᠭᠠᠨ᠂ ᠰᠢᠯᠢᠳᠡᠭ ᠰᠠᠶᠢᠨ ᠦᠢᠯᠡᠴᠢᠯᠡᠭᠡ ᠬᠠᠩᠭᠠᠬᠤ ᠬᠡᠷᠡᠭᠲᠡᠢ ᠭᠡᠵᠦ ᠴᠢᠬᠤᠯᠠᠴᠢᠯᠠᠪᠠ ᠃    ᠶᠤᠸᠠᠨ ᠪᠦᠦ ᠱᠠᠨ ᠲᠣᠭᠤᠷᠢᠭ ᠤᠨ ᠨᠢᠭᠡᠳᠦᠭᠡᠷ ᠳᠤᠮᠳᠠᠳᠤ ᠰᠤᠷᠭᠠᠭᠤᠯᠢ ᠂ ᠫᠢᠩᠵᠤᠸᠠᠩ ᠠᠭᠤᠷᠬᠠᠢ ᠶᠢᠨ ᠲᠣᠭᠤᠷᠢᠭ ᠤᠨ ᠳᠤᠮᠳᠠᠳᠤ ᠰᠤᠷᠭᠠᠭᠤᠯᠢ ᠳᠤ ᠂ ᠶᠢᠨ ᠮᠢᠩ ᠂ ᠫᠧᠩ ᠰᠢᠶᠣᠣ ᠵᠢᠤᠸᠠᠨ ᠥᠷᠭᠡᠨ ᠤᠯᠠᠨ ᠪᠠᠭᠰᠢ ᠨᠠᠷ ᠤᠨ ᠶᠤᠸᠠᠨ ᠪᠦᠦ ᠱᠠᠨ ᠲᠣᠭᠤᠷᠢᠭ ᠤᠨ ᠰᠤᠷᠭᠠᠨ ᠬᠥᠮᠦᠵᠢᠯ ᠤᠨ ᠦᠢᠯᠡᠰ ᠤᠨ ᠬᠥᠭᠵᠢᠯᠲᠡ ᠳᠤ ᠦᠵᠡᠭᠦᠯᠦᠭᠰᠡᠨ ᠴᠢᠷᠮᠠᠶᠢᠯᠭ᠎ᠠ ᠪᠣᠯᠣᠨ ᠬᠤᠪᠢ ᠨᠡᠮᠡᠷᠢ ᠳᠤ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠬᠤ ᠪᠠᠨ ᠢᠯᠡᠳᠬᠡᠵᠦ ᠂ ᠥᠷᠭᠡᠨ ᠤᠯᠠᠨ ᠪᠠᠭᠰᠢ ᠨᠠᠷ ᠦᠨᠡᠨ ᠰᠡᠳᠬᠢᠯ ᠠᠴᠠ ᠪᠠᠨ ᠪᠢᠴᠢᠭ ᠵᠢᠭᠠᠨ ᠬᠥᠮᠥᠨ ᠢ ᠬᠥᠮᠥᠵᠢᠭᠦᠯᠵᠦ ᠂ ᠵᠢᠭᠠᠨ ᠰᠤᠷᠭᠠᠯᠲᠠ ᠶᠢᠨ ᠶᠠᠰᠤ ᠴᠢᠨᠠᠷ ᠪᠣᠯᠣᠨ ᠲᠦᠪᠰᠢᠨ ᠢᠶᠠᠨ ᠦᠨᠡᠨᠬᠦ ᠳᠡᠭᠡᠭᠰᠢᠯᠡᠭᠦᠯᠵᠦ ᠂ ᠰᠤᠷᠤᠭᠴᠢᠳ ᠤᠨ ᠰᠢᠯᠢᠳᠡᠭ ᠬᠢᠷᠢ ᠪᠦᠲᠦᠮᠵᠢ ᠣᠯᠬᠤ ᠂ ᠰᠠᠶᠢᠨ ᠰᠠᠶᠢᠬᠠᠨ ᠬᠥᠭᠵᠢᠯᠲᠡ ᠲᠠᠢ ᠪᠣᠯᠬᠤ ᠳᠤ ᠬᠦᠴᠦ ᠨᠡᠮᠡᠷᠢᠯᠡᠬᠦ ᠶᠢ ᠬᠦᠰᠡᠵᠦ ᠪᠠᠶᠢᠨ᠎ᠠ ᠭᠡᠵᠦ ᠢᠯᠡᠳᠬᠡᠪᠡ ᠃ 
 
ᠢᠷᠡᠯᠲᠡ᠄ ︽ᠾᠦᠸᠧ ᠯᠢ ᠶᠤᠸᠠᠨ ᠪᠦᠦ ᠱᠠᠨ ︾ ᠸᠢᠴᠠᠲ ᠨᠡᠶᠢᠲᠡ ᠶᠢᠨ ᠲᠠᠪᠴᠠᠩ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1