ᠰᠢᠩ ᠯᠦᠩ ᠫᠥᠸᠧ ᠲᠣᠰᠬᠤᠨ᠄ ᠲᠠᠷᠪᠤᠰ ᠲᠠᠷᠢᠬᠤ ᠳᠤ ︽ᠠᠰᠢᠭ ᠣᠯᠵᠠ ᠲᠠᠢ︾ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ︽ᠬᠥᠭᠵᠢᠯᠲᠡ ᠶᠢᠨ ᠬᠠᠨᠳᠤᠰᠢ︾᠎ ᠲᠠᠢ
ᠨᠡᠶᠢᠲᠡᠯᠡᠭᠰᠡᠨ ᠴᠠᠭ᠄
2023/6/14
    ᠣᠶᠢᠷ᠎ᠠ ᠶᠢᠨ ᠵᠢᠯ ᠠᠴᠠ ᠂ ᠹᠧᠩ ᠱᠦᠢ ᠭᠧᠦ ᠪᠠᠯᠭᠠᠰᠤᠨ ᠤ ᠰᠢᠩ ᠯᠦᠩ ᠫᠥᠸᠧ ᠲᠣᠰᠬᠤᠨ ᠤ ᠬᠢᠨ ᠲᠠᠷᠪᠤᠰ ᠲᠠᠷᠢᠬᠤ ᠠᠵᠤ ᠦᠢᠯᠡᠰ ᠢ ᠶᠡᠬᠡᠪᠡᠷ ᠬᠥᠭᠵᠢᠭᠦᠯᠵᠦ ᠂ ︽ ᠰᠢᠩ ᠯᠦᠩ ᠫᠥᠸᠧ ᠲᠠᠷᠪᠤᠰ ︾ ᠎ ᠨᠢ ᠲᠤᠰ ᠲᠣᠰᠬᠤᠨ ᠤ ᠦᠵᠡᠰᠬᠦᠯᠡᠩᠲᠦ ᠰᠠᠶᠢᠬᠠᠨ ᠨᠡᠷ᠎ᠡ ᠶᠢᠨ ᠬᠠᠭᠤᠳᠠᠰᠤ ᠪᠣᠯᠤᠭᠰᠠᠨ ᠪᠥᠭᠡᠳ ᠲᠤᠰ ᠲᠣᠰᠬᠤᠨ ᠤ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠪᠠᠲᠤ ᠪᠠᠬᠢ ᠠᠵᠤ ᠦᠢᠯᠡᠰ ᠤᠨ ᠰᠠᠭᠤᠷᠢ ᠶᠢ ᠲᠠᠯᠪᠢᠭᠰᠠᠨ ᠪᠠᠶᠢᠨ᠎ᠠ ᠃    ᠰᠢᠨ᠎ᠡ ᠵᠠᠮ ᠢ ᠬᠠᠶᠢᠨ ᠰᠦᠪᠡᠭᠴᠢᠯᠡᠵᠦ᠂ ᠬᠥᠭᠵᠢᠯᠲᠡ ᠶᠢᠨ ᠳᠠᠯᠳᠠ ᠬᠦᠴᠦᠨ ᠢ  ᠪᠠᠳᠠᠷᠠᠭᠤᠯᠪᠠ    ᠰᠢᠩ ᠯᠦᠩ ᠫᠥᠸᠧ ᠲᠣᠰᠬᠤᠨ ᠨᠢ ᠶᠤᠸᠠᠨ ᠪᠦᠦ ᠱᠠᠨ ᠲᠣᠭᠤᠷᠢᠭ ᠤᠨ ᠵᠡᠭᠦᠨ ᠬᠤᠶᠢᠲᠤ ᠬᠡᠰᠡᠭ ᠂ ᠹᠧᠩ ᠱᠦᠢ ᠭᠧᠦ ᠪᠠᠯᠭᠠᠰᠤᠨ ᠤ ᠡᠮᠦᠨ᠎ᠡ ᠪᠡᠶ᠎ᠡ ᠳᠤ ᠪᠠᠶᠢᠷᠢᠯᠠᠵᠤ ᠂ ᠠᠳᠡᠬᠢ ᠭᠡᠷᠡᠯ ᠢᠯᠴᠢ ᠡᠯᠪᠡᠭ ᠂ ᠬᠤᠷ᠎ᠠ ᠪᠣᠷᠣᠭᠠᠨ ᠲᠣᠬᠢᠷᠠᠮᠵᠢᠲᠠᠢ ᠂ ᠬᠥᠷᠥᠰᠥ ᠰᠢᠷᠣᠢ ᠥᠩ ᠰᠢᠮᠡᠯᠢᠭ ᠂ ᠤᠯᠠᠨ ᠠᠴᠠ ᠣᠨᠴᠠᠭᠠᠢ ᠭᠠᠵᠠᠷ ᠵᠦᠢ ᠶᠢᠨ ᠨᠥᠬᠦᠴᠡᠯ ᠨᠢ ᠲᠠᠷᠪᠤᠰ ᠤᠨ ᠤᠷᠭᠤᠯᠲᠠ ᠳᠤ ᠲᠣᠬᠢᠷᠠᠵᠤ ᠂ ᠨᠢᠭᠡᠨᠲᠡ 40 ᠭᠠᠷᠤᠢ ᠵᠢᠯ ᠤᠨ ᠲᠠᠷᠪᠤᠰ ᠳᠠᠷᠢᠭᠰᠠᠨ ᠲᠡᠦᠬᠡ ᠲᠠᠢ ᠪᠣᠯᠵᠠᠢ ᠃ ᠭᠡᠪᠡᠴᠦ ᠣᠷᠳᠣ ᠬᠤᠭᠤᠴᠠᠭ᠎ᠠ ᠪᠠᠷ ᠵᠠᠳᠠᠭᠠᠢ ᠭᠠᠵᠠᠷ ᠲᠤ ᠳᠠᠷᠢᠬᠤ ᠠᠷᠭ᠎ᠠ ᠶᠢ ᠬᠡᠷᠡᠭᠯᠡᠭᠰᠡᠨ ᠠᠴᠠ ᠪᠣᠯᠵᠤ ᠂ ᠦᠷᠭᠦᠯᠵᠢᠯᠡᠨ ᠳᠠᠷᠢᠬᠤ ᠳᠤ ᠬᠦᠴᠢᠷᠲᠡᠢ ᠪᠣᠯᠤᠭᠰᠠᠨ ᠮᠥᠷᠲᠡᠭᠡᠨ ᠲᠠᠷᠠᠬᠠᠢ ᠪᠤᠲᠠᠷᠬᠠᠢ ᠡᠷᠦᠬᠡ ᠶᠢᠨ ᠦᠢᠯᠡᠳᠪᠦᠷᠢᠯᠡᠯ ᠨᠡᠯᠢᠶᠡᠳ ᠣᠯᠠᠨ ᠪᠠᠶᠢᠵᠤ᠂ ᠬᠡᠪᠴᠢᠶᠡᠵᠢᠭᠦᠯᠦᠨ ᠡᠵᠡᠩᠨᠡᠬᠦ ᠳᠤ ᠶᠡᠭᠡ ᠬᠦᠴᠢᠷᠳᠡᠯ ᠲᠤᠯᠭᠠᠷᠠᠭᠰᠠᠨ ᠠᠴᠠ ᠰᠢᠩ ᠯᠦᠩ ᠫᠥᠸᠧ ᠲᠠᠷᠪᠤᠰ ᠤᠨ ᠵᠠᠬ᠎ᠠ ᠳᠡᠯᠭᠡᠭᠦᠷ ᠤᠨ ᠥᠷᠢᠰᠦᠯᠳᠦᠬᠦ ᠬᠦᠴᠦᠨ ᠨᠢ ᠬᠢᠵᠠᠭᠠᠷᠲᠠᠢ ᠪᠣᠯᠤᠭᠰᠠᠨ ᠪᠠᠶᠢᠨ᠎ᠠ᠃    ᠡᠭᠦᠨ ᠳᠤ᠂ ᠰᠢᠩ ᠯᠦᠩ ᠫᠥᠸᠧ ᠲᠣᠰᠬᠤᠨ ᠤ ᠨᠠᠮ ᠤᠨ ᠶᠡᠷᠦᠩᠬᠡᠢ ᠡᠭᠦᠷ ᠤᠨ ᠬᠢᠨ ᠹᠧᠩ ᠱᠦᠢ ᠭᠧᠦ ᠪᠠᠯᠭᠠᠰᠤᠨ ᠤ ᠨᠠᠮ ᠤᠨ ᠪᠠᠶᠢᠭᠤᠯᠤᠯᠲᠠ ᠪᠠᠷ ᠠᠵᠤ ᠦᠢᠯᠡᠰ ᠤᠨ ᠬᠥᠭᠵᠢᠯᠲᠡ ᠶᠢ ᠬᠥᠲᠥᠯᠥᠨ ᠳᠠᠭᠠᠭᠤᠯᠬᠤ ᠬᠠᠮᠲᠤ ᠶᠢᠨ ᠴᠣᠭᠴᠠ ᠪᠠᠷ ᠲᠠᠪᠴᠠᠩ ᠪᠣᠯᠭᠠᠵᠤ᠂ ᠬᠠᠮᠲᠤᠷᠠᠨ ᠪᠠᠶᠢᠭᠤᠯᠤᠭᠰᠠᠨ 8 ᠶᠡᠭᠡ ᠳᠡᠭᠡᠳᠦ ᠰᠤᠷᠭᠠᠭᠤᠯᠢ᠂ ᠠᠵᠤ ᠠᠬᠤᠶᠢᠯᠠᠯ ᠵᠢᠴᠢ ᠰᠠᠯᠠᠭ᠎ᠠ ᠮᠥᠴᠢᠷ ᠤᠨ ᠲᠥᠷᠥᠯ ᠵᠦᠢᠯ ᠤᠨ ᠮᠡᠷᠭᠡᠵᠢᠯ ᠤᠨ ᠳᠡᠮᠵᠢᠯᠭᠡ ᠪᠠ ᠵᠢᠯᠣᠭᠤᠳᠤᠯᠭ᠎ᠠ ᠳᠣᠣᠷ᠎ᠠ᠂ ᠹᠧᠩ ᠱᠦᠢ ᠭᠧᠦ ᠪᠠᠯᠭᠠᠰᠤᠨ ᠤ ᠲᠥᠬᠦᠭᠡᠷᠦᠮᠵᠢᠲᠦ ᠲᠠᠷᠢᠶᠠᠯᠠᠩ ᠤᠨ ᠬᠦᠷᠢᠶᠡᠯᠡᠩ ᠲᠣᠭᠤᠷᠢᠭ ︱ ᠰᠢᠩ ᠯᠦᠩ ᠫᠥᠸᠧ ᠲᠣᠰᠬᠤᠨ ᠤ ᠲᠠᠷᠪᠤᠰ ᠲᠠᠷᠢᠬᠤ ᠵᠢᠱᠢᠶ᠎ᠡ ᠦᠵᠡᠭᠦᠯᠬᠦ ᠬᠦᠷᠢᠶᠡᠯᠡᠩ ᠢ ᠪᠠᠶᠢᠭᠤᠯᠵᠤ ᠂ ᠥᠩᠭᠡᠷᠡᠭᠰᠡᠨ ᠤ ᠵᠠᠳᠠᠭᠠᠢ ᠲᠠᠷᠢᠬᠤ ᠠᠷᠭ᠎ᠠ ᠬᠡᠯᠪᠡᠷᠢ ᠶᠢ ᠥᠭᠡᠷᠡᠴᠢᠯᠡᠵᠦ ᠂ ᠲᠥᠬᠦᠭᠡᠷᠦᠮᠵᠢᠲᠦ ᠬᠦᠯᠡᠮᠵᠢ ᠪᠠᠷ ᠲᠠᠷᠢᠵᠦ ᠂ ᠲᠠᠷᠪᠤᠰ ᠢ ᠵᠠᠯᠭᠠᠬᠤ ᠮᠡᠷᠭᠡᠵᠢᠯ ᠢ ᠬᠡᠷᠡᠭᠯᠡᠨ᠂ ᠵᠢᠯ ᠪᠦᠷᠢ ᠬᠤᠶᠠᠷ ᠤᠳᠠᠭ᠎ᠠ ᠲᠠᠷᠪᠤᠰ  ᠰᠠᠭᠤᠯᠭᠠᠵᠤ᠂ ᠬᠦᠷᠢᠶᠡᠯᠡᠩ ᠲᠣᠭᠤᠷᠢᠭ ᠤᠨ ᠲᠠᠷᠪᠤᠰ ᠤᠨ ᠭᠠᠷᠤᠯᠲᠠ ᠪᠣᠯᠣᠨ ᠶᠠᠰᠤ ᠴᠢᠨᠠᠷ ᠢ ᠪᠦᠲᠦᠮᠵᠢᠲᠡᠢ ᠳᠡᠭᠡᠭᠰᠢᠯᠡᠭᠦᠯᠵᠦ ᠂ ᠲᠠᠷᠪᠤᠰ ᠲᠠᠷᠢᠬᠴᠢᠳ ᠤᠨ ᠲᠠᠷᠢᠮᠠᠯ ᠤᠨ ᠣᠷᠣᠯᠭ᠎ᠠ ᠶᠢ ᠨᠡᠮᠡᠭᠳᠡᠭᠦᠯᠪᠡ᠃ ᠡᠭᠦᠨ ᠤ ᠬᠠᠮᠲᠤ᠂ ᠰᠢᠩ ᠯᠦᠩ ᠫᠥᠸᠧ ᠲᠣᠰᠬᠤᠨ ᠤ ᠬᠢᠨ ᠲᠣᠰᠬᠤᠨ ᠤ ᠠᠵᠤ ᠠᠬᠤᠢ ᠶᠢᠨ ᠬᠤᠷᠰᠢᠶ᠎ᠠ ᠶᠢᠨ ᠦᠢᠯᠡᠳᠦᠯ ︵ ᠤᠯᠠᠭᠠᠨᠬᠠᠳᠠ ᠬᠤᠳᠠ ᠶᠢᠨ ᠶᠤᠸᠠᠨ ᠪᠦᠦ ᠱᠠᠨ ᠲᠣᠭᠤᠷᠢᠭ ᠤᠨ ᠹᠧᠩ ᠱᠦᠢ ᠭᠧᠦ ᠪᠠᠯᠭᠠᠰᠤᠨ ᠤ ᠰᠢᠩ ᠯᠦᠩ ᠫᠥᠸᠧ ᠲᠣᠰᠬᠤᠨ ᠤ ᠬᠤᠪᠢ ᠣᠷᠣᠭᠤᠯᠤᠭᠰᠠᠨ ᠠᠵᠤ ᠠᠬᠤᠢ ᠶᠢᠨ ᠬᠤᠷᠰᠢᠶ᠎ᠠ ︶᠎ ᠢ ᠭᠦᠢᠴᠡᠳ ᠪᠠᠳᠠᠷᠠᠭᠤᠯᠵᠤ ᠂ ᠬᠢᠮᠢ ᠶᠢᠨ ᠪᠣᠷᠳᠣᠭᠤᠷ ᠂ ᠦᠷ᠎ᠡ ᠂ ᠲᠠᠷᠢᠶᠠᠯᠠᠩ ᠤᠨ ᠮᠠᠰᠢᠨ ᠤ ᠦᠢᠯᠡᠴᠢᠯᠡᠭᠡ ᠵᠡᠷᠭᠡ ᠤᠯᠠᠨ ᠵᠦᠢᠯ ᠤᠨ ᠡᠬᠢ ᠪᠠᠶᠠᠯᠢᠭ ᠢ ᠨᠢᠭᠡᠳᠬᠡᠵᠦ᠂ ᠬᠠᠷᠢᠯᠴᠠᠨ ᠬᠠᠮᠵᠢᠯᠴᠠᠵᠤ ᠂ ᠪᠠᠶᠢᠬᠤ ᠪᠠ ᠦᠭᠡᠢ ᠪᠠᠨ ᠬᠠᠷᠢᠯᠴᠠᠨ ᠰᠣᠯᠢᠯᠴᠠᠪᠠ᠃    ᠨᠠᠷᠢᠯᠢᠭ ᠣᠨᠤᠪᠴᠢᠲᠠᠢ ᠠᠵᠤ ᠦᠢᠯᠡᠰ ᠤᠨ ᠵᠠᠮ ᠢᠶᠠᠷ ᠵᠠᠮᠨᠠᠵᠤ ᠂ ᠰᠢᠯᠢᠳᠡᠭ ᠲᠠᠷᠪᠤᠰ ᠪᠣᠯᠭᠠᠪᠠ    ᠰᠢᠩ ᠯᠦᠩ ᠫᠥᠸᠧ ᠶᠢᠨ ᠲᠠᠷᠪᠤᠰ ᠲᠤ ᠬᠠᠯᠢᠰᠤᠨ ᠤ ᠬᠢᠨ ᠬᠡ ᠤᠭᠠᠯᠵᠠ ᠨᠢ ᠲᠣᠳᠣ᠂ ᠭᠤᠸᠠ ᠶᠢᠨ ᠭᠤᠣᠯ ᠎ ᠨᠢ ᠭᠦᠨ ᠤᠯᠠᠭᠠᠨ᠂ ᠬᠠᠯᠢᠰᠤ ᠨᠢ ᠨᠢᠮᠭᠡᠨ ᠂ ᠢᠳᠡᠬᠦ ᠳᠤ ᠡᠯᠡᠰᠥᠷᠬᠡᠭ ᠪᠥᠭᠡᠳ ᠰᠢᠬᠢᠷᠯᠢᠭ᠂ ᠰᠢᠭᠦᠰᠦ ᠨᠢ ᠳᠦᠭᠦᠷᠡᠩ᠂ ᠠᠮᠲᠠᠲᠠᠢ ᠪᠠᠶᠢᠳᠠᠭ ᠣᠨᠴᠠᠯᠢᠭ ᠎ ᠲᠠᠢ᠃ ᠣᠳᠣᠬᠠᠨ ᠳᠤ᠂ ︽ᠹᠦ᠋ ᠿᠥᠨ ᠰᠢᠩ ᠯᠦᠩ ᠫᠥᠸᠧ︾ ᠲᠠᠸᠠᠷ ᠤᠨ ᠲᠡᠮᠳᠡᠭ ᠢ ᠨᠢᠭᠡᠨᠲᠡ ᠳᠠᠩᠰᠠᠯᠠᠭᠤᠯᠵᠤ᠂ ︽ᠪᠥᠬᠦ ᠤᠯᠤᠰ ᠤᠨ ᠨᠠᠷᠠᠲᠤ ᠣᠨᠴᠠ ᠰᠢᠯᠢᠳᠡᠭ ᠲᠠᠷᠢᠶᠠᠯᠠᠩ ᠤᠨ ᠪᠦᠲᠦᠭᠡᠭᠳᠡᠬᠦᠨ︾᠎ ᠤ ᠨᠡᠷᠡᠰ ᠤᠨ ᠵᠢᠭᠰᠠᠭᠠᠯᠲᠠ ᠳᠤ ᠣᠷᠣᠵᠤ᠂ ᠳᠤᠮᠳᠠᠳᠤ ᠤᠯᠤᠰ ᠤᠨ ᠪᠣᠬᠢᠷᠲᠤᠯ ᠦᠭᠡᠢ ᠢᠳᠡᠭᠡᠨ ᠤ ᠬᠥᠭᠵᠢᠭᠦᠯᠦᠯᠲᠡ ᠶᠢᠨ ᠲᠥᠪ ᠠᠴᠠ ᠪᠣᠬᠢᠷᠲᠤᠯ ᠦᠭᠡᠢ ᠢᠳᠡᠭᠡᠨ ᠤ ᠲᠡᠮᠳᠡᠭ ᠢ ᠬᠡᠷᠡᠭᠯᠡᠬᠦ ᠶᠢ ᠵᠥᠪᠰᠢᠶᠡᠷᠡᠵᠦ᠂ ︽ᡂᠢ ᠴᠧᠩ ᠹᠧᠩ ᠠᠮᠲᠠ︾᠎ ᠶᠢᠨ ᠤᠯᠠᠭᠠᠨᠬᠠᠳᠠ ᠬᠤᠲᠠ ᠶᠢᠨ ᠲᠠᠷᠢᠶᠠᠯᠠᠩ ᠤᠨ ᠪᠦᠲᠦᠭᠡᠭᠳᠡᠬᠦᠨ ᠤ ᠣᠷᠣᠨ ᠪᠦᠰᠡ ᠶᠢᠨ ᠨᠡᠶᠢᠲᠡ ᠶᠢᠨ ᠬᠡᠷᠡᠭᠯᠡᠭᠡᠨ ᠤ ᠨᠠᠷᠠᠲᠤ ᠲᠡᠮᠳᠡᠭ ᠤᠨ ᠨᠡᠷᠡᠰ ᠤᠨ ᠵᠢᠭᠰᠠᠭᠠᠯᠲᠠ ᠳᠤ ᠣᠷᠣᠭᠰᠠᠨ ᠪᠠᠶᠢᠨ᠎ᠠ᠃    ᠰᠢᠩ ᠯᠦᠩ ᠫᠥᠸᠧ ᠲᠤᠰᠬᠤᠨ ᠨᠢ ᠲᠠᠷᠪᠤᠰ ᠢ ᠰᠠᠶᠢᠲᠤᠷ ᠲᠠᠷᠢᠬᠤ ᠪᠠᠷ ᠪᠠᠷᠠᠬᠤ ᠦᠭᠡᠢ ᠂ ᠳᠤᠮᠳᠠᠳᠤ ᠤᠯᠤᠰ ᠤᠨ ᠵᠡᠭᠦᠨ ᠬᠤᠶᠢᠲᠤ ᠣᠷᠣᠨ ᠤ ᠬᠠᠮᠤᠭ ᠤᠨ ᠲᠣᠮᠣ ᠲᠠᠷᠪᠤᠰ ᠤᠨ ᠦᠷ᠎ᠡ ᠴᠢᠬᠢ ᠶᠢ ᠰᠣᠩᠭᠤᠨ ᠪᠣᠶᠢᠵᠢᠭᠤᠯᠬᠤ ᠂ ᠰᠢᠨ᠎ᠡ ᠬᠡᠯᠪᠡᠷᠢ ᠶᠢᠨ ᠲᠠᠷᠪᠤᠰ ᠤᠨ ᠲᠠᠷᠢᠮᠠᠯ ᠂ ᠲᠠᠷᠪᠤᠰ ᠤᠨ ᠰᠢᠨ᠎ᠡ ᠮᠡᠷᠭᠡᠵᠢᠯ ᠤᠨ ᠲᠤᠷᠰᠢᠯᠲᠠ ᠂ ᠪᠦᠲᠦᠭᠡᠭᠳᠡᠬᠦᠨ ᠢ ᠬᠤᠷᠢᠶᠠᠨ ᠬᠠᠳᠠᠭᠠᠯᠠᠵᠤ ᠡᠳ᠋ᠰᠢᠭᠦᠯᠬᠦ ᠂ ᠣᠨᠴᠠᠯᠢᠭᠲᠤ ᠰᠣᠶᠣᠯ ᠵᠤᠭᠠᠴᠠᠯ ᠢ ᠨᠢᠭᠡ ᠴᠣᠭᠴᠠᠵᠢᠭᠤᠯᠤᠭᠰᠠᠨ ᠲᠥᠬᠦᠭᠡᠷᠦᠮᠵᠢᠲᠦ ᠲᠠᠷᠪᠤᠰ ᠤᠨ ᠲᠠᠷᠢᠮᠠᠯ ᠤᠨ ᠰᠠᠭᠤᠷᠢᠨ ᠭᠠᠵᠠᠷ ᠪᠣᠯᠭᠠᠨ ᠪᠦᠲᠦᠭᠡᠨ ᠪᠠᠶᠢᠭᠤᠯᠬᠤ ᠪᠠᠷ ᠲᠥᠯᠥᠪᠯᠡᠵᠦ ᠪᠤᠢ ᠃ ᠲᠤᠰ ᠰᠠᠭᠤᠷᠢᠨ ᠭᠠᠵᠠᠷ ᠤᠨ ᠬᠢᠨ ᠲᠣᠰᠬᠤᠨ ᠤ ᠭᠤᠣᠯᠯᠠᠬᠤ ᠠᠵᠤ ᠦᠢᠯᠡᠰ ᠤᠨ ᠳᠡᠰ ᠳᠡᠪᠰᠢᠬᠦ ᠶᠢ ᠳᠠᠶᠢᠴᠢᠯᠠᠵᠤ ᠂ ᠬᠥᠳᠡᠭᠡ ᠲᠣᠰᠬᠤᠨ ᠤ ᠬᠥᠳᠡᠯᠮᠦᠷᠢ ᠬᠦᠴᠦᠨ ᠢ ᠣᠷᠣᠭᠤᠯᠤᠨ ᠠᠵᠢᠯ ᠣᠯᠭᠤᠵᠤ ᠂ ᠭᠠᠳᠠᠭᠰᠢ ᠭᠠᠷᠴᠤ ᠬᠥᠯᠥᠰᠦᠨ ᠠᠵᠢᠯ ᠬᠢᠬᠦ ᠠᠷᠭ᠎ᠠ ᠦᠭᠡᠢ ᠲᠣᠰᠬᠤᠨ ᠤ ᠠᠷᠠᠳ ᠲᠤ ᠣᠶᠢᠷ᠎ᠠ ᠬᠠᠪᠢ ᠳᠠᠭᠠᠨ ᠠᠵᠢᠯ ᠣᠯᠬᠤ ᠲᠣᠬᠢᠶᠠᠯ ᠣᠯᠭᠤᠵᠤ ᠂ ᠲᠣᠰᠬᠤᠨ ᠤ ᠠᠷᠠᠳ ᠤᠨ ᠴᠠᠯᠢᠩ ᠤᠨ ᠴᠢᠨᠠᠷᠲᠠᠢ ᠣᠷᠣᠯᠭ᠎ᠠ ᠶᠢ ᠨᠡᠮᠡᠭᠳᠡᠭᠦᠯᠵᠦ ᠂ ᠲᠠᠷᠢᠶᠠᠴᠢᠨ ᠡᠷᠦᠬᠡ ᠶᠢᠨ ︽ ᠭᠤᠷᠪᠠ ᠶᠢ ᠬᠤᠪᠢᠷᠠᠭᠤᠯᠬᠤ ︾ ᠥᠭᠡᠷᠡᠴᠢᠯᠡᠯᠲᠡ ᠶᠢᠨ ᠠᠰᠢᠭ ᠣᠯᠵᠠᠪᠤᠷᠢ ᠶᠢ ᠬᠠᠮᠲᠤᠪᠠᠷ ᠡᠳ᠋ᠯᠡᠬᠦ ᠶᠢ ᠠᠬᠢᠭᠤᠯᠵᠤ ᠂ ᠲᠣᠰᠬᠤᠨ ᠤ ᠠᠷᠠᠳ ᠲᠤ ᠠᠵᠤ ᠠᠬᠤᠢ ᠶᠢᠨ ᠬᠥᠭᠵᠢᠯᠲᠡ ᠶᠢᠨ ᠠᠰᠢᠭ ᠣᠯᠵᠠᠪᠤᠷᠢ ᠶᠢ ᠡᠳ᠋ᠯᠡᠭᠦᠯᠵᠡᠢ ᠃    ᠣᠨᠴᠠ ᠭᠠᠷᠤᠯᠲᠠ ᠎ ᠨᠢ ᠨᠡᠷ᠎ᠡ ᠶᠢᠨ ᠬᠠᠭᠤᠳᠠᠰᠤ ᠶᠢ ᠬᠤᠪᠢᠷᠠᠭᠤᠯᠵᠤ ᠂ ᠲᠠᠷᠪᠤᠰ ᠤᠨ ᠪᠠᠶᠠᠷ ᠲᠤ ᠡᠯᠪᠡᠭ ᠬᠤᠷᠢᠶᠠᠯᠲᠠ ᠶᠢ ᠪᠡᠯᠭᠡᠯᠡᠨ᠎ᠡ    6 ᠰᠠᠷ᠎ᠠ ᠪᠣᠯ ᠲᠠᠷᠪᠤᠰ ᠪᠣᠯᠪᠠᠰᠤᠷᠠᠬᠤ ᠤᠯᠠᠷᠢᠯ ᠪᠣᠯᠣᠨ᠎ᠠ ᠂ ᠰᠢᠩ ᠯᠦᠩ ᠫᠥᠸᠧ ᠲᠣᠰᠬᠤᠨ ᠤ ᠲᠠᠷᠪᠤᠰ ᠤᠨ ᠬᠦᠯᠡᠮᠵᠢ ᠎ ᠨᠢ ᠨᠣᠭᠤᠭᠠᠨ ᠥᠩᠭᠡ ᠪᠠᠷ ᠪᠢᠯᠬᠠᠵᠤ᠂ ᠪᠣᠯᠪᠠᠰᠤᠷᠠᠭᠰᠠᠨ ᠰᠠᠶᠢᠬᠠᠨ ᠲᠠᠷᠪᠤᠰ ᠤᠳ ᠨᠢᠭᠡ ᠨᠢᠭᠡ ᠪᠠᠷ ᠲᠡᠭᠦᠨ ᠠᠪᠬᠤ ᠶᠢ ᠬᠥᠯᠢᠶᠡᠵᠦ ᠪᠠᠶᠢᠭ᠎ᠠ ᠮᠡᠲᠥ᠃ ᠹᠧᠩ ᠱᠦᠢ ᠭᠧᠦ ᠪᠠᠯᠭᠠᠰᠤᠨ ᠤ ᠰᠢᠩ ᠯᠦᠩ ᠫᠥᠸᠧ ᠲᠣᠰᠬᠤᠨ 6 ᠰᠠᠷ᠎ᠠ ᠶᠢᠨ 22᠎ ᠤᠨ ᠡᠳᠦᠷ ᠠᠴᠠ 6 ᠰᠠᠷ᠎ᠠ ᠶᠢᠨ 24᠎ ᠤ ᠡᠳᠦᠷ ᠪᠣᠯᠲᠠᠯ᠎ᠠ ᠲᠠᠷᠪᠤᠰ ᠤᠨ ᠰᠣᠶᠣᠯ ᠵᠢᠭᠤᠯᠴᠢᠯᠠᠯ ᠤᠨ ᠪᠠᠶᠠᠷ ᠢ ᠵᠠᠯᠭᠠᠭ᠎ᠠ ᠪᠠᠷ ᠭᠤᠷᠪᠠᠨ ᠡᠳᠦᠷ ᠡᠷᠬᠢᠯᠡᠨ ᠶᠠᠪᠤᠭᠳᠠᠭᠤᠯᠵᠤ ᠂ ᠲᠠᠷᠪᠤᠰ ᠤᠨ ᠪᠠᠶᠠᠷ ᠲᠤ ᠰᠢᠨ᠎ᠡ ᠰᠣᠷᠭᠤᠭ ᠲᠠᠷᠪᠤᠰ ᠪᠠᠶᠢᠬᠤ ᠪᠠᠷ ᠪᠠᠷᠠᠬᠤ ᠦᠭᠡᠢ᠂ ᠪᠠᠰᠠ ᠠᠮᠲᠠᠯᠠᠨ ᠰᠢᠯᠭᠠᠬᠤ ᠦᠵᠡᠭᠦᠯᠥᠯᠭᠡ᠂ ᠭᠤᠶᠢᠳᠠ ᠰᠠᠶᠢᠬᠠᠨ ᠲᠣᠭᠯᠠᠯᠲᠠ ᠵᠡᠷᠭᠡ ᠶᠢ ᠣᠯᠠᠨ ᠳᠤ ᠰᠣᠨᠢᠷᠬᠠᠭᠤᠯᠬᠤ ᠪᠣᠯᠤᠨ᠎ᠠ᠃    ᠹᠧᠩ ᠱᠦᠢ ᠭᠧᠦ ᠪᠠᠯᠭᠠᠰᠤ ᠨᠢ ᠲᠤᠰ ᠤᠳᠠᠭᠠᠨ ᠤ ᠲᠠᠷᠪᠤᠰ ᠤᠨ ᠪᠠᠶᠠᠷ ᠢᠶᠠᠷ ᠠᠵᠠ ᠲᠣᠬᠢᠶᠠᠯ ᠪᠣᠯᠭᠠᠵᠤ ᠂ ︽ ᠰᠢᠩ ᠯᠦᠩ ᠫᠥᠸᠧ ᠲᠠᠷᠪᠤᠰ ︾ ᠎ ᠤᠨ ᠲᠦᠷᠦᠯ ᠲᠡᠮᠳᠡᠭ ᠤᠨ ᠨᠥᠯᠥᠭᠡᠯᠡᠬᠦ ᠬᠦᠴᠦᠨ ᠪᠣᠯᠣᠨ ᠠᠯᠳᠠᠷᠰᠢᠯ ᠢ ᠴᠢᠨᠠᠭᠰᠢᠳᠠ ᠥᠷᠭᠡᠳᠬᠡᠵᠦ ᠂ ︽ ᠰᠢᠩ ᠯᠦᠩ ᠫᠥᠸᠧ ᠲᠠᠷᠪᠤᠰ ︾᠎ ᠢ ᠰᠣᠶᠣᠯ ᠤᠨ ᠲᠦᠷᠦᠯ ᠲᠡᠮᠳᠡᠭ ᠂ ᠵᠤᠭᠠᠴᠠᠯ ᠤᠨ ᠲᠦᠷᠦᠯ ᠲᠡᠮᠳᠡᠭ ᠪᠣᠯᠭᠠᠨ ᠪᠣᠶᠢᠵᠢᠭᠤᠯᠵᠤ ᠂ ᠲᠠᠷᠪᠤᠰ ᠤᠨ ᠶᠠᠰᠤ ᠴᠢᠨᠠᠷ ᠢ ᠲᠠᠰᠤᠷᠠᠯᠲᠠ ᠦᠭᠡᠢ ᠳᠡᠭᠡᠭᠰᠢᠯᠡᠭᠦᠯᠵᠦ ᠂ ᠲᠠᠷᠪᠤᠰ ᠤᠨ ᠠᠵᠤ ᠦᠢᠯᠡᠰ ᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ︽ ᠵᠢᠷᠭᠠᠯ ᠤᠨ ᠵᠠᠮ ︾᠎ ᠳᠤ ᠬᠦᠷᠭᠡᠨ᠂ ︽ ᠰᠢᠩ ᠯᠦᠩ ᠫᠥᠸᠧ ᠲᠠᠷᠪᠤᠰ ︾᠎ ᠢ ᠨᠡᠷ᠎ᠡ ᠨᠢᠳᠡᠷ ᠲᠡᠭᠡᠨ ᠨᠡᠶᠢᠴᠡᠭᠰᠡᠨ ᠪᠠᠶᠠᠵᠢᠯ ᠤᠨ ᠵᠢᠮᠢᠰ ᠪᠣᠯᠭᠠᠬᠤ ᠪᠠᠷ ᠪᠠᠶᠢᠨ᠎ᠠ᠃ 
 
ᠢᠷᠡᠯᠲᠡ᠄ ᠶᠤᠸᠠᠨ ᠪᠣᠥ ᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1