ᠠᠮᠤᠭᠤᠯᠠᠩ ᠰᠦᠮ᠎ᠡ ᠮᠢᠩᠭ᠎ᠠ ᠰᠢᠬᠠᠮ ᠵᠢᠯ ᠤᠨ ᠲᠡᠦᠬᠡ ᠲᠠᠢ ᠶᠤᠮ᠃ ᠠᠮᠤᠭᠤᠯᠠᠩ ᠰᠦᠮ᠎ᠡ ᠪᠣᠯ ᠯᠢᠶᠣᠤ | ᠤᠯᠤᠰ ᠤᠨ ᠬᠠᠭᠠᠨ ᠤ ᠵᠠᠷᠯᠢᠭ ᠢᠶᠠᠷ ᠪᠠᠶᠢᠭᠤᠯᠤᠭᠰᠠᠨ ᠨᠠᠯᠢᠶᠠᠳ ᠲᠣᠮᠣ ᠬᠡᠪᠴᠢᠶ᠎ᠡ ᠲᠠᠢ ᠬᠠᠭᠠᠨ ᠤ ᠤᠭᠰᠠᠭ᠎ᠠ ᠶᠢᠨ | ᠰᠦᠮ᠎ᠡ ᠪᠣᠯᠣᠨ᠎ᠠ᠃ ᠲᠣᠰ ᠰᠦᠮ᠎ᠡ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠬᠠᠳᠠ | ᠬᠤᠲᠠ ᠶᠢᠨ ᠶᠤᠸᠠᠨ ᠪᠣᠣ ᠱᠠᠨ ᠲᠣᠭᠤᠷᠢᠭ ᠤᠨ ᠮᠤᠬᠤᠷ ᠭᠤᠣᠯ ᠪᠠᠯᠭᠠᠰᠤ ᠶᠢᠨ ᠳ᠋ᠠ ᠶᠢᠩᠽᠢ ᠲᠣᠰᠬᠤᠨ ᠤ ᠪᠤᠷᠬᠠᠨ | ᠠᠭᠤᠯᠠ ᠶᠢᠨ ᠬᠤᠷᠮᠣᠢ ᠳᠤ ᠪᠠᠶᠢᠳᠠᠭ᠃ ᠠᠮᠤᠭᠤᠯᠠᠩ ᠰᠦᠮ᠎ᠡ ᠶᠢ ᠯᠢᠶᠣᠤ ᠤᠯᠤᠰ ᠤᠨ ᠳ᠋ᠤᠤᠽᠦ᠋ᠩ ᠬᠠᠭᠠᠨ ᠤ | ᠴᠢᠩ ᠨᠢᠩ ᠤᠨ ᠨᠠᠢᠮᠠᠳᠤᠭᠠᠷ ︵1062︶ ᠣᠨ ᠳᠤ ᠡᠬᠢᠯᠡᠵᠦ ᠪᠠᠶᠢᠭᠤᠯᠤᠭᠠᠳ ᠯᠢᠶᠣᠤ ᠤᠯᠤᠰ ᠤᠨ ᠳ᠋ᠤᠤᠽᠦ᠋ᠩ | ᠬᠠᠭᠠᠨ ᠤ ᠰᠢᠶᠠᠨ ᠶᠦᠩ ᠤᠨ ᠨᠠᠢᠮᠠᠳᠤᠭᠠᠷ ︵1072︶ ᠣᠨ ᠳᠤ ᠪᠠᠷᠢᠯᠭ᠎ᠠ ᠳᠡᠭᠦᠰᠴᠡᠢ᠃ ᠠᠮᠤᠭᠤᠯᠠᠩ ᠰᠦᠮ᠎ᠡ | ᠭᠡᠬᠦ ᠨᠡᠷ᠎ᠡ ᠶᠢ ᠯᠢᠶᠣᠤ ᠤᠯᠤᠰ ᠤᠨ ᠳ᠋ᠤᠤᠽᠦ᠋ᠩ ᠬᠠᠭᠠᠨ ᠬᠠᠶᠢᠷᠠᠯᠠᠵᠠᠢ᠃ ᠰᠦᠮ᠎ᠡ ᠳᠤ ᠡᠯ᠎ᠡ ᠲᠥᠷᠥᠯ ᠤᠨ ᠳᠤᠭᠠᠩ | ᠪᠦᠷᠢᠳᠴᠡᠢ᠃ ᠵᠥᠪᠬᠡᠨ ᠬᠠᠭᠠᠨ ᠤ ᠰᠤᠶᠤᠷᠬᠠᠯ ᠤᠨ ᠰᠦᠮ᠎ᠡ ᠶᠢᠨ ᠡᠵᠡᠯᠡᠭᠰᠡᠨ ᠭᠠᠵᠠᠷ ᠨᠢ 3 ᠮᠢᠩᠭ᠎ᠠ ᠭᠠᠷᠤᠢ | ᠴᠢᠩ ᠬᠦᠷᠴᠡᠢ᠃ ᠠᠮᠤᠭᠤᠯᠠᠩ ᠰᠦᠮ᠎ᠡ ᠶᠢᠨ ᠪᠤᠷᠬᠠᠨ ᠱᠠᠰᠢᠨ ᠤ ᠠᠵᠢᠯᠯᠠᠭᠠᠨ ᠲᠤᠩ ᠬᠦᠷ ᠬᠦᠭᠵᠢᠶᠡᠨ ᠲᠠᠢ | ᠪᠠᠶᠢᠵᠤ᠂ ᠬᠦᠵᠢ ᠶᠢᠨ ᠦᠨᠦᠷ ᠨᠢ ᠠᠯᠤᠰ ᠬᠤᠯᠠ ᠠᠩᠬᠢᠯᠤᠨ᠂ ᠠᠯᠳᠠᠷ ᠨᠡᠷ᠎ᠡ ᠨᠢ ᠬᠤᠯᠠ ᠣᠶᠢᠷ᠎ᠠ ᠳᠤ | ᠳᠠᠭᠤᠷᠢᠰᠴᠠᠢ᠃ ᠰᠡᠭᠦᠯᠡᠷ ᠨᠢ ᠲᠤᠰ ᠰᠦᠮ᠎ᠡ ᠶᠢᠨ ᠤᠯᠤᠰ ᠤᠨ ᠰᠡᠭᠦᠯᠴᠢ ᠶᠢᠨ ᠦᠶ᠎ᠡ ᠳᠤ ᠳᠠᠶᠢᠨ ᠤ ᠬᠥᠯ ᠳᠤ | ᠰᠦᠢᠳᠴᠡᠢ᠃ ᠦᠯᠡᠳᠡᠵᠦ ᠪᠠᠶᠢᠭᠰᠠᠨ ᠬᠡᠯᠳᠡᠷᠬᠡᠢ ᠲᠣᠭᠤᠰᠬ᠎ᠠ ᠨᠤᠷᠠᠩᠬᠠᠢ ᠬᠡᠷᠡᠮ ᠨᠢ ᠰᠣᠶᠣᠯ ᠤᠨ ᠬᠤᠪᠢᠰᠬᠠᠯ ᠤᠨ | ᠦᠶ᠎ᠡ ᠳᠤ ᠪᠦᠷᠢᠮᠦᠰᠦᠨ ᠰᠦᠢᠳᠴᠡᠢ᠃ ᠭᠡᠪᠡᠴᠦ ᠪᠠᠭᠤᠷᠢ ᠨᠢ ᠣᠳᠣ ᠪᠣᠯᠲᠠᠯ᠎ᠠ ᠦᠯᠡᠳᠡᠵᠦ ᠪᠠᠶᠢᠨ᠎ᠠ᠃ ᠲᠤᠰ | ᠰᠦᠮ᠎ᠡ ᠶᠢ ᠪᠠᠶᠢᠭᠤᠯᠵᠤ ᠪᠠᠶᠢᠬᠤ ᠦᠶ᠎ᠡ ᠳᠤ ᠴᠠᠩ ᠶᠦᠨ ᠤ ᠤᠤᠭᠠᠨ ᠬᠥᠪᠡᠭᠦᠨ ᠶᠧ ᠯᠢᠤᠢ ᠵᠢᠢ ᠣᠳᠣ ᠶᠢᠨ | ᠪᠡᠭᠡᠵᠢᠩ ᠬᠤᠲᠠ ᠠᠴᠠ ᠨᠢᠭᠡ ᠪᠤᠷᠬᠠᠨ ᠤ ᠰᠢᠳᠦ ᠣᠯᠵᠤ ᠠᠪᠤᠭᠰᠠᠨ ᠮᠥᠷᠲᠡᠭᠡᠨ ᠳᠡᠭᠡᠷ᠎ᠡ ᠨᠢ 7 ᠵᠠᠭᠤ ᠭᠠᠷᠤᠢ | ᠱᠠᠷᠢᠯ ᠲᠠᠢ ᠪᠠᠶᠢᠵᠠᠢ᠃ ᠯᠠᠨ ᠯᠢᠩ ᠬᠠᠳᠤᠨ ᠪᠤᠷᠬᠠᠨ ᠤ ᠰᠢᠳᠦ ᠶᠢ ᠳᠠᠬᠢᠬᠤ ᠶᠢᠨ ᠳᠤᠰᠠᠳᠠ ᠠᠮᠤᠭᠤᠯᠠᠩ | ᠰᠦᠮ᠎ᠡ ᠶᠢᠨ ᠬᠠᠪᠢ ᠶᠢᠨ ᠠᠭᠤᠯᠠᠨ ᠣᠷᠣᠢ ᠳᠡᠭᠡᠷ᠎ᠡ ᠬᠡᠳᠤᠨ ᠵᠠᠩ ᠭᠦᠨ ᠨᠦᠬᠡ ᠮᠠᠯᠲᠠᠵᠤ ᠱᠠᠷᠢᠯ ᠢ ᠬᠠᠳᠠᠭᠠᠯᠠᠭᠰᠠᠨ | ᠪᠦᠭᠡᠳ ᠳᠡᠭᠡᠷ᠎ᠡ ᠨᠢ ᠡᠷᠳᠡᠨᠢ ᠶᠢᠨ ᠰᠤᠪᠤᠷᠭ᠎ᠠ ᠪᠠᠶᠢᠭᠤᠯᠵᠠᠢ᠃ ᠲᠤᠰ ᠰᠤᠪᠤᠷᠭ᠎ᠠ ᠶᠢ ᠪᠤᠷᠬᠠᠨ ᠤ ᠰᠢᠳᠤᠳᠤ | ᠱᠠᠷᠢᠯ ᠤᠨ ᠰᠤᠪᠤᠷᠭ᠎ᠠ ᠭᠡᠳᠡᠭ᠃ ᠲᠤᠰ ᠰᠤᠪᠤᠷᠭ᠎ᠠ ᠨᠢ ᠥᠪᠡᠷᠲᠡᠭᠡᠨ ᠵᠠᠰᠠᠬᠤ ᠣᠷᠣᠨ ᠤ ᠳᠡᠰ ᠤᠨ ᠬᠠᠮᠠᠭᠠᠯᠠᠯᠲᠠ | ᠲᠠᠢ ᠲᠡᠦᠬᠡ ᠳᠤᠷᠠᠰᠬᠠᠯ ᠤᠨ ᠪᠣᠳᠠᠰ ᠪᠣᠯᠵᠤ᠂ ᠣᠳᠣ ᠶᠠᠭ ᠣᠯᠣᠰ ᠤᠨ ᠳᠡᠰ ᠤᠨ ᠬᠠᠮᠠᠭᠠᠯᠠᠯᠲᠠ ᠲᠠᠢ ᠳᠡᠦᠬᠡ | ᠳᠤᠷᠠᠰᠬᠠᠯ ᠶᠢᠨ ᠪᠣᠳᠠᠰ ᠢᠶᠠᠷ ᠡᠷᠡᠮᠡᠯᠵᠡᠯᠡᠵᠦ ᠪᠠᠶᠢᠨ᠎ᠠ᠃ 2006 ᠣᠨ ᠤ 5 ᠳ᠋ᠤᠭᠠᠷ ᠰᠠᠷ᠎ᠠ ᠳᠤ᠂ ᠳᠤᠮᠳᠠᠳᠤ | ᠣᠯᠣᠰ ᠤᠨ ᠡᠪ ᠬᠠᠮᠲᠤ ᠨᠠᠮ ᠤᠨ ᠶᠤᠸᠠᠨ ᠪᠣᠣ ᠱᠠᠨ ᠲᠤᠭᠤᠷᠢᠭ ᠤᠨ ᠬᠤᠷᠢᠶ᠎ᠠ᠂ ᠶᠤᠸᠠᠨ ᠪᠣᠣ ᠱᠠᠨ | ᠲᠣᠭᠤᠷᠢᠭ ᠤᠨ ᠵᠠᠰᠠᠭ ᠤᠨ ᠣᠷᠳᠣᠨ ᠠᠴᠠ ᠭᠠᠵᠠᠭᠤ ᠱᠠᠰᠢᠨ ᠳᠤ ᠴᠣᠬᠢᠯᠲᠠ ᠦᠭᠴᠦ᠂ ᠬᠠᠤᠯᠢ ᠶᠣᠰᠣᠨ ᠤ ᠱᠠᠰᠢᠨ | ᠰᠤᠷᠲᠠᠬᠤᠨ ᠢ ᠰᠤᠷᠲᠠᠯᠴᠢᠯᠠᠨ᠂ ᠣᠯᠠᠨ ᠲᠦᠮᠡᠨ ᠤ ᠱᠠᠰᠢᠨ ᠰᠢᠳᠦᠬᠦ ᠱᠠᠭᠠᠷᠳᠠᠯᠭ᠎ᠠ ᠶᠢ ᠬᠠᠩᠭᠠᠬᠤ ᠶᠢᠨ ᠲᠥᠯᠥᠭᠡ᠂ | ᠠᠮᠤᠭᠤᠯᠠᠩ ᠰᠦᠮ᠎ᠡ ᠶᠢ ᠰᠡᠷᠭᠦᠭᠡᠨ ᠪᠠᠶᠢᠭᠤᠯᠬᠤ ᠪᠠᠷ ᠲᠣᠭᠲᠠᠵᠤ᠂ ᠲᠣᠭᠤᠷᠢᠭ ᠤᠨ ᠤᠯᠤᠰ ᠲᠥᠷᠥ ᠶᠢᠨ | ᠵᠥᠪᠯᠡᠯᠭᠡᠨ ᠤ ᠭᠤᠤᠯ ᠤᠳᠤᠷᠢᠳᠤᠯᠭ᠎ᠠ ᠪᠠᠷ ᠡᠨᠡ ᠬᠦ ᠠᠵᠢᠯ ᠢ ᠲᠤᠰᠬᠠᠶᠢᠯᠠᠨ ᠬᠠᠮᠢᠶᠠᠷᠤᠭᠤᠯᠵᠤ᠂ ᠲᠣᠭᠤᠷᠢᠭ ᠤᠨ | ᠣᠯᠣᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠪᠠᠷ ᠳᠤᠭᠤᠶᠢᠯᠠᠩ ᠤᠨ ᠳᠠᠷᠤᠭ᠎ᠠ ᠪᠣᠯᠭᠠᠵᠤ᠂ ᠲᠣᠭᠤᠷᠢᠭ ᠤᠨ | ᠵᠠᠰᠠᠭ ᠤᠨ ᠣᠷᠳᠣᠨ ᠤ ᠱᠠᠰᠢᠨ ᠰᠤᠷᠲᠠᠬᠤᠨ ᠢ ᠬᠤᠪᠢᠳᠠᠨ ᠬᠠᠮᠢᠶᠠᠷᠴᠤ ᠪᠠᠶᠢᠭ᠎ᠠ ᠳᠡᠳ᠋ ᠲᠣᠭᠤᠷᠢᠭ ᠤᠨ | ᠳᠠᠷᠤᠭ᠎ᠠ ᠪᠠᠷ ᠳᠤᠭᠤᠶᠢᠯᠠᠩ ᠤᠨ ᠳᠡᠳ᠋ ᠳᠠᠷᠤᠭ᠎ᠠ ᠪᠣᠯᠭᠠᠵᠤ᠂ ᠬᠠᠮᠢᠶ᠎ᠠ ᠪᠦᠬᠦᠢ ᠰᠠᠯᠠᠭ᠎ᠠ ᠮᠦᠴᠢᠷ ᠤᠨ | ᠤᠳᠤᠷᠢᠳᠤᠯᠭ᠎ᠠ ᠪᠠᠷ ᠪᠦᠷᠢᠯᠳᠦᠭᠦᠨ ᠪᠣᠯᠭᠠᠭᠰᠠᠨ ︽ᠠᠮᠤᠭᠤᠯᠠᠩ ᠰᠦᠮ᠎ᠡ ᠶᠢ ᠰᠡᠷᠭᠦᠭᠡᠨ ᠪᠠᠶᠢᠭᠤᠯᠬᠤ | ᠵᠣᠬᠢᠴᠠᠭᠤᠯᠬᠤ ᠳᠤᠭᠤᠶᠢᠯᠠᠩ︾ ᠪᠠᠶᠢᠭᠤᠯᠵᠠᠢ᠃ ᠳᠠᠷᠠᠭ᠎ᠠ ᠨᠢ ᠯᠢᠶᠣᠤᠨᠢᠩ ᠮᠤᠵᠢ ᠶᠢᠨ ᠬᠠᠢ ᠴᠧᠩ ᠬᠤᠲᠠ ᠶᠢᠨ | ᠨᠢᠦ ᠲᠸᠦ ᠱᠠᠨ ᠠᠭᠤᠯᠠᠨ ᠤ ᠱᠤᠸᠠᠩ ᠴᠢᠤᠸᠠᠨ ᠰᠧ ᠰᠦᠮ᠎ᠡ ᠶᠢᠨ ᠵᠢᠤᠸᠠᠢ ᠨᠧᠩ ᠶᠡᠭᠡ ᠪᠠᠭᠰᠢᠳᠠᠨ ᠢ ᠵᠠᠯᠠᠵᠤ | ᠠᠪᠴᠢᠷᠠᠨ ᠰᠦᠮ᠎ᠡ ᠶᠢᠨ ᠪᠠᠭᠤᠷᠢ ᠶᠢ ᠦᠵᠡᠭᠦᠯᠦᠭᠰᠡᠨ ᠳᠤ ᠶᠡᠭᠡ ᠪᠠᠭᠰᠢᠲᠠᠨ ᠪᠤᠶᠠᠨᠰᠤᠭ ᠰᠠᠳᠬᠢᠯ ᠭᠠᠷᠭᠠᠵᠤ᠂ | ᠨᠡᠶᠢᠭᠡᠮ ᠤᠨ ᠡᠯ᠎ᠡ ᠡᠲᠡᠭᠡᠳ ᠤᠨ ᠡᠳ᠋ ᠤᠨ ᠬᠦᠴᠦᠨ ᠢ ᠴᠤᠭᠯᠠᠭᠤᠯᠤᠨ᠂ ᠠᠮᠤᠭᠤᠯᠠᠩ ᠰᠦᠮ᠎ᠡ ᠶᠢ ᠪᠠᠶᠢᠭᠤᠯᠬᠤ ᠪᠠᠷ | ᠲᠣᠭᠲᠠᠪᠠ᠃ ᠡᠯ᠎ᠡ ᠱᠠᠲᠤᠨ ᠤ ᠵᠠᠰᠠᠭ ᠤᠨ ᠣᠷᠳᠣᠨ ᠤ ᠵᠦᠪᠰᠢᠶᠡᠷᠡᠯ ᠢᠶᠠᠷ ᠨᠠᠰᠤᠨ ᠰᠡᠭᠦᠳᠡᠷ ᠳᠠᠯ᠎ᠠ ᠭᠠᠷᠤᠭᠰᠠᠨ | ᠶᠡᠭᠡ ᠪᠠᠭᠰᠢᠲᠠᠨ ᠵᠢᠤᠸᠠᠢ ᠨᠧᠩ ᠠᠮᠤᠭᠤᠯᠠᠩ ᠰᠦᠮ᠎ᠡ ᠶᠢ ᠰᠡᠷᠭᠦᠭᠡᠨ ᠪᠠᠶᠢᠭᠤᠯᠬᠤ ᠠᠵᠢᠯ ᠢᠶᠠᠨ ᠡᠬᠢᠯᠡᠭᠦᠯᠦᠭᠰᠡᠨ | ᠪᠠᠶᠢᠨ᠎ᠠ᠃ ᠰᠡᠷᠭᠦᠭᠡᠨ ᠪᠠᠶᠢᠭᠤᠯᠤᠭᠰᠠᠨ ᠠᠮᠤᠭᠤᠯᠠᠩ ᠰᠦᠮ᠎ᠡ ᠶᠢᠨ ᠪᠦᠬᠦ ᠡᠵᠡᠯᠡᠬᠦ ᠭᠠᠵᠠᠷ ᠨᠢ120 ᠮᠦ᠂ | ᠪᠠᠷᠢᠯᠭ᠎ᠠ ᠶᠢᠨ ᠲᠠᠯᠠᠪᠠᠢ ᠨᠢ 1 ᠲᠦᠮᠡᠨ ᠲᠡᠭᠰᠢ ᠳᠥᠷᠪᠡᠯᠵᠢᠨ ᠮᠧᠲᠷ᠂ ᠪᠡᠯᠡ ᠣᠷᠤᠭᠤᠯᠤᠯᠲᠠ ᠨᠢ 1 ᠳ᠋ᠦᠩᠰᠢᠭᠤᠷ | ᠲᠦᠭᠦᠷᠢᠭ ᠢᠶᠠᠷ ᠲᠦᠯᠦᠪᠵᠢᠭᠦᠯᠵᠦ᠂ ᠣᠳᠤ ᠨᠢᠭᠡᠨᠲᠡ ᠵᠠᠭᠤᠨ ᠤ ᠨᠠᠶᠠ ᠶᠢᠨ ᠠᠵᠢᠯ ᠢ ᠳᠠᠭᠤᠰᠬᠠᠵᠠᠢ᠃ | ᠰᠦᠮ᠎ᠡ ᠳᠤ ᠲᠡᠭᠷᠢ ᠶᠢᠨ ᠰᠠᠬᠢᠭᠤᠯᠰᠤᠨ ᠤ ᠳᠤᠭᠠᠩ᠂ ᠬᠤᠮᠰᠢᠮ ᠪᠤᠳᠢᠰᠳ᠋ᠸ᠎ᠠ ᠶᠢᠨ ᠳᠤᠭᠠᠩ᠂ ᠨᠣᠮ ᠣᠩᠰᠢᠬᠤ | ᠲᠠᠩᠬᠢᠮ᠂ ᠨᠣᠮ ᠬᠠᠳᠠᠭᠠᠯᠠᠬᠤ ᠠᠰᠠᠷ ᠵᠡᠷᠭᠡ 15 ᠳᠤᠭᠠᠩ ᠲᠠᠩᠬᠢᠮ ᠠᠰᠠᠷ ᠲᠠᠢ᠃ ᠯᠢᠶᠣᠤ ᠣᠯᠣᠰ ᠤᠨ | ᠲᠣᠭᠤᠰᠬ᠎ᠠ ᠮᠣᠳᠣᠨ ᠪᠦᠲᠦᠴᠡ ᠲᠠᠢ᠃ ᠰᠡᠷᠭᠦᠭᠡᠨ ᠪᠠᠶᠢᠭᠤᠯᠤᠭᠰᠠᠨ ᠠᠮᠤᠭᠤᠯᠠᠩ ᠰᠦᠮ᠎ᠡ ᠨᠢ ᠥᠪᠥᠷ ᠮᠣᠩᠭᠤᠯ | ᠴᠢᠨᠠᠭᠰᠢᠯᠠᠭᠠᠳ ᠵᠡᠭᠦᠨ ᠬᠤᠶᠢᠲᠤ ᠣᠷᠣᠨ ᠤ ᠬᠠᠮᠤᠭ ᠲᠣᠮᠣ ᠰᠦᠮ᠎ᠡ ᠶᠢᠨ ᠨᠢᠭᠡ ᠨᠢ ᠪᠣᠯᠬᠤ ᠶᠤᠮ᠃ | | |