ᠲᠤᠳᠠᠭᠤ ᠠᠽᠤᠲ ᠬᠥᠴᠢᠯ ᠤᠨ ᠲᠠᠪᠤᠰᠤᠨ ᠤ ᠬᠤᠤᠷᠳᠠᠯ ᠠᠴᠠ ᠰᠡᠷᠭᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2023/5/20
    ᠲᠤᠳᠠᠭᠤ ᠠᠽᠤᠲ ᠬᠥᠴᠢᠯ ᠤᠨ ᠲᠠᠪᠤᠰᠤᠨ ᠲᠥᠷᠥᠯ ᠤᠨ ᠢᠳᠡᠭᠡᠨ ᠤ ᠬᠤᠤᠷᠳᠠᠯ ᠢ ᠪᠠᠰᠠ ᠭᠡᠳᠡᠰᠥᠨ ᠤ ᠬᠥᠭᠡ ᠲᠤᠯᠪᠤ ᠡᠪᠡᠳᠴᠢᠨ᠂ ᠬᠥᠭᠡᠷᠡᠬᠦ ᠡᠪᠡᠳᠴᠢᠨ᠂ ᠬᠠᠷ᠎ᠠ ᠬᠤᠰᠢᠭᠤᠳᠤ ᠡᠪᠡᠳᠴᠢᠨ ᠭᠡᠳᠡᠭ᠃ ᠲᠤᠰ ᠡᠪᠡᠳᠴᠢᠨ ᠤ ᠬᠤᠤᠷᠳᠠᠯ ᠭᠡᠳᠡᠭ ᠨᠢ ᠨᠡᠯᠢᠶᠡᠳ ᠶᠡᠭᠡ ᠠᠽᠤᠲ ᠬᠥᠴᠢᠯ ᠤᠨ ᠲᠠᠪᠤᠰᠤ ᠲᠠᠢ ᠪᠠ ᠲᠤᠳᠠᠭᠤ ᠠᠽᠤᠲ ᠬᠥᠴᠢᠯ ᠤᠨ ᠲᠠᠪᠤᠰᠤ ᠲᠠᠢ ᠢᠳᠡᠭᠡᠨ ᠢ ᠶᠡᠭᠡᠳᠡ ᠢᠳᠡᠭᠰᠡᠨ ᠪᠠ ᠠᠽᠤᠲ ᠬᠥᠴᠢᠯ ᠤᠨ ᠲᠠᠪᠤᠰᠤ ᠪᠤᠶᠤ ᠲᠤᠳᠠᠭᠤ ᠠᠽᠤᠲ ᠬᠥᠴᠢᠯ ᠤᠨ ᠲᠠᠪᠤᠰᠤ ᠶᠡᠭᠡᠳᠡᠢ ᠤᠰᠤ ᠶᠢ ᠤᠤᠭᠤᠭᠰᠠᠨ ᠵᠢᠴᠢ ᠲᠤᠳᠠᠭᠤ ᠠᠽᠤᠲ ᠬᠥᠴᠢᠯ ᠤᠨ ᠲᠠᠪᠤᠰᠤ ᠶᠢ ᠢᠳᠡᠭᠡᠨ ᠤ ᠲᠠᠪᠤᠰᠤ ᠪᠠᠷ ᠠᠳᠡᠬᠦᠷᠡᠨ ᠢᠳᠡᠭᠰᠡᠨ ᠠᠴᠠ ᠪᠤᠯᠵᠤ ᠡᠬᠦᠰᠥᠭᠰᠡᠨ ᠬᠤᠤᠷᠳᠠᠯ ᠢ ᠵᠢᠭᠠᠵᠤ ᠪᠠᠶᠢᠨ᠎ᠠ᠃ ᠲᠤᠳᠠᠭᠤ ᠠᠽᠤᠲ ᠬᠥᠴᠢᠯ ᠤᠨ ᠲᠠᠪᠤᠰᠤ ᠨᠢ ᠴᠢᠰᠤᠨ ᠲᠤᠳᠤᠷ᠎ᠠ ᠭᠡᠪ ᠤᠨ ᠬᠥᠴᠢᠯᠳᠦ᠋ᠷᠥᠭᠴᠢ ᠲᠥᠷᠥᠬᠦᠯᠬᠦ ᠲᠤᠤᠷ᠎ᠠ ᠲᠡᠮᠥᠷᠳᠤ ᠴᠢᠰᠤᠨ ᠤᠯᠠᠭᠠᠨ ᠤᠭᠤᠷᠠᠭ ᠢ ᠬᠥᠴᠢᠯᠳᠦ᠋ᠷᠥᠬᠦᠯᠥᠨ ᠥᠨᠳᠥᠷ ᠲᠡᠮᠥᠷᠳᠤ ᠴᠢᠰᠤᠨ ᠤᠯᠠᠭᠠᠨ ᠤᠭᠤᠷᠠᠭ ᠪᠤᠯᠭᠠᠭᠰᠠᠨ ᠢᠶᠠᠷ ᠬᠥᠴᠢᠯᠳᠦ᠋ᠷᠥᠭᠴᠢ ᠲᠥᠷᠥᠬᠦᠯᠬᠦ ᠴᠢᠳᠠᠪᠤᠷᠢ ᠶᠢ ᠠᠯᠳᠠᠭᠤᠯᠤᠭᠠᠳ᠂ ᠨᠡᠭᠡᠭᠡᠳᠡᠰᠤ ᠡᠷᠭᠡᠳᠡᠨ ᠳᠤ ᠬᠥᠴᠢᠯᠳᠦ᠋ᠷᠥᠭᠴᠢ ᠲᠤᠳᠠᠭᠳᠠᠭᠤᠯᠳᠠᠭ ᠪᠠᠶᠢᠨ᠎ᠠ᠃      ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ     ● ᠬᠤᠤᠷᠳᠠᠭᠤᠯᠵᠤ ᠮᠡᠳᠡᠬᠦ ᠢᠳᠡᠭᠡᠨ ᠢ ᠢᠳᠡᠬᠦ ᠪᠠᠨ ᠲᠡᠷᠦ᠋ᠢᠬᠠᠨ ᠵᠤᠭᠰᠤᠭᠠᠨ᠎ᠠ᠃     ● ᠨᠡᠯᠢᠶᠡᠳ ᠬᠥᠨᠳᠤ ᠬᠤᠤᠷᠳᠠᠭᠳᠠᠭᠰᠠᠳ ᠢ ᠪᠥᠭᠡᠯᠵᠢᠬᠦᠯᠬᠦ᠂ ᠬᠤᠳᠤᠭᠤᠳᠤ ᠶᠢ ᠨᠢ ᠤᠬᠢᠶᠠᠬᠤ ᠪᠠ ᠲᠤᠭᠤᠯᠠᠭᠤᠯᠬᠤ ᠭᠡᠷᠡᠭᠳᠡᠢ᠃   ● ᠮᠠᠨᠠᠷᠠᠭᠰᠠᠳ ᠤᠨ ᠠᠮᠢᠰᠬᠤᠯ ᠤᠨ ᠵᠠᠮ ᠢ ᠨᠢ ᠰᠢᠯᠤᠭᠤᠬᠠᠨ ᠪᠠᠶᠢᠯᠭᠠᠵᠤ᠂ ᠬᠠᠵᠠᠭᠤᠯᠳᠠᠭᠤᠯᠤᠨ ᠭᠡᠪᠳᠡᠬᠦᠯᠵᠤ ᠂ ᠪᠥᠭᠡᠯᠵᠢᠰᠤ ᠨᠢ ᠮᠥᠭᠡᠷᠰᠥᠨ ᠬᠤᠭᠤᠯᠠᠢ ᠶᠢ ᠲᠥᠭᠵᠢᠭᠡᠳ ᠪᠥᠳᠡᠬᠦ ᠠᠴᠠ ᠰᠡᠷᠭᠡᠶᠢᠯᠡᠨ᠎ᠡ᠃     ● ᠬᠤᠤᠷᠳᠠᠭᠳᠠᠭᠰᠠᠳ ᠢ ᠱᠠᠯᠠᠪᠬᠠᠨ ᠤᠢᠢᠷ᠎ᠠ ᠤᠷᠴᠢᠮ ᠤᠨ ᠡᠮᠨᠡᠯᠭᠡ ᠳᠤ ᠬᠥᠷᠭᠡᠨ ᠡᠮᠨᠡᠭᠦᠯᠦᠨ᠎ᠡ᠃    ● ᠶᠠ ᠵᠢᠶᠠ ᠯᠠᠨ ᠡᠮ ᠪᠤᠯ ᠤᠨᠴᠠ ᠲᠤᠰᠠᠳᠠᠢ ᠡᠮ ᠪᠤᠯᠤᠨ᠎ᠠ᠂ ᠡᠬᠦᠨ ᠠᠴᠠ ᠭᠠᠳᠠᠨ᠎ᠠ ᠶᠡᠭᠡ ᠭᠡᠮᠵᠢᠶᠡᠨ ᠤ ᠸᠢᠲ᠋ᠠᠮᠢᠨ C ᠪᠤᠯᠤᠨ ᠥᠵᠥᠮ ᠤᠨ ᠰᠢᠬᠢᠷ ᠨᠥᠬᠦᠬᠦ ᠴᠢᠬᠤᠯᠠ ᠲᠠᠢ᠃     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ    ◇ ᠲᠤᠳᠠᠭᠤ ᠠᠽᠤᠲ ᠬᠥᠴᠢᠯ ᠤᠨ ᠲᠠᠪᠤᠰᠤ ᠶᠢ ᠢᠳᠡᠭᠡᠨ ᠤ ᠲᠠᠪᠤᠰᠤ ᠪᠤᠶᠤ ᠬᠤᠵᠢᠷ ᠢᠶᠠᠷ ᠠᠳᠡᠬᠦᠷᠡᠨ ᠭᠡᠷᠡᠭᠯᠡᠬᠦ ᠶᠢ ᠬᠢᠴᠢᠶᠡᠨ᠎ᠡ᠃     ◇ ᠨᠤᠭᠤᠭ᠎ᠠ ᠴᠠᠭ᠎ᠠ ᠪᠠᠨ ᠲᠤᠬᠢᠳᠠᠢ ᠬᠠᠳᠠᠭᠠᠯᠠᠵᠤ᠂ ᠢᠯᠵᠠᠷᠠᠵᠤ ᠰᠢᠯᠵᠠᠷᠠᠬᠤ ᠠᠴᠠ ᠰᠡᠷᠭᠡᠶᠢᠯᠡᠬᠦ ᠭᠡᠷᠡᠭᠳᠡᠢ᠃ ᠢᠯᠵᠠᠷᠠᠵᠤ ᠰᠢᠯᠵᠠᠷᠠᠭᠰᠠᠨ ᠨᠤᠭᠤᠭ᠎ᠠ ᠴᠠᠭ᠎ᠠ ᠶᠢ ᠢᠳᠡᠵᠤ ᠪᠤᠯᠬᠤ ᠥᠭᠡᠢ᠃     ◇ ᠢᠳᠡᠭᠡᠳ ᠥᠯᠡᠳᠡᠭᠰᠡᠨ ᠨᠤᠭᠤᠭ᠎ᠠ ᠬᠠᠭᠤᠷᠠᠯᠭ᠎ᠠ ᠪᠠᠨ ᠥᠨᠳᠥᠷ ᠬᠠᠯᠠᠭᠤᠨ ᠳᠤ ᠤᠷᠳᠤ ᠴᠠᠭ ᠢᠶᠠᠷ ᠲᠠᠯᠪᠢᠭᠠᠳ ᠲᠠᠬᠢᠨ ᠢᠳᠡᠵᠤ ᠪᠤᠯᠬᠤ ᠥᠭᠡᠢ᠃     ◇ ᠲᠡᠪᠤᠰᠤᠯᠠᠨ ᠲᠡᠷᠤᠭᠠᠳ ᠤᠳᠠᠭᠠᠳᠤᠢ ᠨᠤᠭᠤᠭ᠎ᠠ ᠶᠡᠭᠡ ᠢᠳᠡᠵᠤ ᠪᠤᠯᠬᠤ ᠥᠭᠡᠢ᠂ ᠨᠤᠭᠤᠭ᠎ᠠ ᠲᠡᠷᠤᠬᠤ ᠳᠠᠭᠠᠨ ᠢᠯᠡᠬᠦᠭᠡᠨ ᠲᠠᠪᠤᠰᠤ ᠬᠢᠵᠤ᠂ ᠠᠯᠢ ᠤᠬᠤᠷ ᠲᠠᠭᠠᠨ 15 ᠬᠤᠨᠤᠭ ᠠᠴᠠ ᠲᠡᠭᠡᠭᠰᠢ ᠲᠠᠷᠤᠪᠠᠯ ᠰᠠᠶ᠋ᠢ ᠢᠳᠡᠵᠤ ᠪᠤᠯᠤᠨ᠎ᠠ᠃ 
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1