ᠴᠠᠬᠢᠯᠭᠠᠨ ᠵᠤᠭᠰᠤᠬᠤ ᠡ᠊ᠨᠳᠡᠯ ᠢ ᠶᠠᠭᠠᠬᠢᠵᠤ ᠦᠢᠯᠠᠭᠠᠬᠤ ᠪᠤᠢ
ᠨᠡᠶᠢᠲᠡᠯᠡᠭᠰᠡᠨ ᠴᠠᠭ᠄
2023/5/20
  ᠴᠠᠬᠢᠯᠭᠠᠨ ᠭᠡᠨᠡᠳᠳᠡ ᠵᠤᠭᠰᠤᠭᠰᠠᠨ ᠠᠴᠠ ᠪᠤᠯᠵᠤ ᠴᠠᠬᠢᠯᠭᠠᠨ ᠭᠡᠷᠡᠭᠰᠡᠯ ᠡᠪᠳᠡᠭᠳᠡᠵᠤ᠂ ᠡ᠊ᠨᠳᠡᠯ ᠡᠬᠦᠰᠬᠦ ᠶᠢᠨ ᠲᠠᠭᠠᠤ ᠬᠥᠮᠥᠰ ᠤᠨ ᠭᠡᠪ ᠤᠨ ᠠᠮᠢᠳᠤᠷᠠᠯ ᠢ ᠰᠢᠭᠤᠳ ᠨᠥᠯᠥᠭᠡᠯᠡᠳᠡᠭ᠃   ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ   ○ ᠴᠠᠬᠢᠯᠭᠠᠨ ᠵᠤᠭᠰᠤᠬᠤ ᠤᠴᠢᠷ ᠲᠤᠬᠢᠶᠠᠯᠳᠤᠪᠠᠯ᠂ ᠭᠠᠷ ᠳ᠋ᠧᠩ ᠵᠡᠷᠭᠡ ᠭᠡᠷᠡᠯᠳᠥᠬᠦᠯᠭᠡ ᠶᠢᠨ ᠪᠠᠭᠠᠵᠢ ᠶᠢ ᠠᠰᠢᠭᠯᠠᠨ᠂ ᠡᠩ ᠲᠡᠷᠢᠬᠦᠨ ᠳᠤ ᠲᠤᠳᠤᠭᠠᠳᠤ ᠳᠠᠬᠢ ᠴᠠᠬᠢᠯᠭᠠᠨ ᠲᠥᠭᠦᠬᠡᠭᠴᠢ ᠶᠢᠨ ᠨᠡᠭᠡᠭᠡᠯᠳᠡ ᠬᠠᠭᠠᠯᠳᠠ᠂ ᠴᠠᠬᠢᠯᠭᠠᠨ ᠵᠢᠭᠤᠳᠠᠭᠤᠷ ᠤᠨ ᠬᠠᠮᠠᠭᠠᠯᠠᠭᠤᠷ ᠢᠶᠠᠨ ᠪᠠᠶᠢᠴᠠᠭᠠᠵᠤ ᠪᠠᠶᠢᠭᠠᠷᠠᠢ᠃   ○ ᠬᠠᠮᠠᠭᠠᠯᠠᠭᠤᠷ ᠤᠳᠠᠰᠤ ᠨᠢ ᠬᠠᠶᠢᠯᠤᠭᠳᠠᠨ ᠲᠠᠰᠤᠷᠠᠭᠰᠠᠨ ᠪᠤᠯ ᠲᠡᠷᠦ᠋ᠢᠬᠠᠨ ᠰᠤᠯᠢᠬᠤ ᠭᠡᠷᠡᠭᠳᠡᠢ᠂ ᠭᠡᠪᠡᠴᠤ ᠵᠡᠰ᠂ ᠲᠡᠮᠥᠷ᠂ ᠲᠤᠭᠤᠯᠭᠠᠨ ᠤᠳᠠᠰᠤ ᠪᠠᠷ ᠤᠷᠤᠯᠠᠭᠤᠯᠵᠤ ᠪᠤᠯᠬᠤ ᠥᠭᠡᠢ᠃ ᠬᠠᠮᠠᠭᠠᠯᠠᠭᠤᠷ ᠤᠳᠠᠰᠤ ᠶᠢ ᠰᠤᠯᠢᠬᠤ ᠳᠠᠭᠠᠨ ᠪᠡᠭᠡᠯᠢ ᠵᠡᠬᠦᠬᠦ ᠪᠤᠶᠤ ᠮᠤᠳᠤᠨ ᠰᠠᠨᠳᠠᠯᠢ ᠲᠡᠭᠡᠷ᠎ᠡ ᠵᠤᠭᠰᠤᠵᠤ᠂ ᠴᠠᠬᠢᠯᠭᠠᠨ ᠥᠯᠥ ᠬᠥᠶᠥᠬᠦ ᠬᠥᠨᠳᠡᠶᠢᠷᠡᠬᠦᠯᠬᠦ ᠠᠷᠭ᠎ᠠ ᠭᠡᠮᠵᠢᠶ᠎ᠡ ᠠᠪᠴᠤ᠂ ᠴᠠᠬᠢᠯᠭᠠᠨ ᠳᠤ ᠴᠤᠬᠢᠭᠳᠠᠬᠤ ᠠᠴᠠ ᠰᠡᠷᠭᠡᠶᠢᠯᠡᠨ᠎ᠡ᠃    ○ ᠴᠠᠬᠢᠯᠭᠠᠨ ᠬᠥᠴᠥᠨ ᠤ ᠰᠠᠯᠠᠭ᠎ᠠ ᠮᠥᠴᠢᠷ ᠲᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠵᠤ ᠵᠠᠪᠳᠤᠨ ᠠᠪᠤᠷᠠᠵᠤ ᠵᠠᠰᠠᠭᠤᠯᠬᠤ ᠪᠠᠷ ᠤᠳᠠᠰᠤᠳᠠᠵᠤ ᠪᠤᠯᠤᠨ᠎ᠠ᠃   ᠲᠤᠰᠬᠠᠢ ᠮᠡᠷᠭᠡᠵᠢᠯᠳᠡᠨ ᠤ ᠰᠠᠨᠠᠭᠤᠯᠤᠮᠵᠢ    ◇ ᠭᠡᠷ ᠡᠷᠥᠭᠡ ᠳᠡᠭᠡᠨ ᠯᠠ᠂ ᠭᠠᠷ ᠳ᠋ᠧᠩ ᠵᠡᠷᠭᠡ ᠪᠠᠴᠢᠮ ᠪᠠᠶᠢᠳᠠᠯ ᠢ ᠠᠷᠭᠠᠴᠠᠬᠤ ᠳᠤ ᠭᠡᠷᠡᠭᠯᠡᠬᠦ ᠭᠡᠷᠡᠯᠳᠥᠬᠦᠯᠭᠡ ᠶᠢᠨ ᠪᠠᠭᠠᠵᠢ ᠪᠡᠯᠡᠳᠭᠡᠵᠤ᠂ ᠲᠤᠭᠳᠠᠭᠰᠠᠨ ᠭᠠᠵᠠᠷ ᠲᠤ ᠲᠠᠯᠪᠢᠬᠤ ᠶᠢ ᠠᠩᠬᠠᠷᠤᠭᠠᠷᠠᠢ᠃    ◇ ᠴᠠᠬᠢᠯᠭᠠᠨ ᠤ ᠤᠳᠠᠰᠤ ᠬᠠᠭᠤᠴᠢᠷᠠᠭᠰᠠᠨ ᠠᠴᠠ ᠪᠤᠯᠵᠤ ᠴᠠᠬᠢᠯᠭᠠᠨ ᠵᠤᠭᠰᠤᠬᠤ ᠡ᠊ᠨᠳᠡᠯ ᠠᠮᠠᠷᠬᠠᠨ ᠭᠠᠷᠳᠠᠭ ᠲᠤᠯᠠ ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠲᠥᠷᠭᠡᠨ ᠮᠡᠳᠡᠭᠳᠡᠵᠤ ᠰᠤᠯᠢᠬᠤ ᠭᠡᠷᠡᠭᠳᠡᠢ᠃◇ ᠭᠡᠷᠪᠡ ᠭᠡᠷ ᠲᠤᠳᠤᠷᠠᠬᠢ ᠨᠥᠬᠦᠴᠡᠯ ᠰᠢᠯᠳᠠᠭᠠᠨ ᠠᠴᠠ ᠪᠤᠯᠵᠤ ᠴᠠᠬᠢᠯᠭᠠᠨ ᠵᠤᠭᠰᠤᠭᠰᠠᠨ ᠪᠢᠰᠢ ᠪᠤᠯ ᠴᠠᠭ ᠲᠤᠬᠠᠢ ᠳᠤᠨᠢ ᠠᠳᠠᠯ ᠠᠬᠤᠢ ᠶᠢᠨ ᠥᠢᠯᠡᠴᠢᠯᠡᠭᠡᠨ ᠤ ᠬᠠᠮᠢᠶᠠᠷᠤᠯᠳᠠ ᠶᠢᠨ ᠭᠠᠵᠠᠷ ᠪᠤᠶᠤ ᠴᠠᠬᠢᠯᠭᠠᠨ ᠬᠠᠨᠭ᠍ᠭᠠᠬᠤ ᠰᠠᠯᠠᠭ᠎ᠠ ᠮᠥᠴᠢᠷ ᠲᠠᠢ ᠬᠤᠯᠪᠤᠭ᠎ᠠ ᠠᠪᠬᠤ ᠭᠡᠷᠡᠭᠳᠡᠢ᠃  
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1