ᠫᠧᠩ ᠰᠢᠶᠣᠣ ᠵᠢᠤᠸᠠᠨ ᠰᠤᠷᠭᠠᠭᠤᠯᠢ ᠶᠢᠨ ᠬᠤᠭᠤᠯᠠᠨ ᠭᠡᠷ ᠲᠤ ᠬᠦᠷᠴᠦ ᠢᠳᠡᠭᠡᠨ ᠤ ᠠᠮᠤᠷ ᠲᠦᠪᠰᠢᠨ ᠤ ︽ᠬᠤᠶᠠᠷ ᠬᠠᠷᠢᠭᠤᠴᠠᠯᠭ᠎ᠠ︾᠎ ᠶᠢ ᠨᠠᠶᠢᠳᠠᠪᠣᠷᠢᠵᠢᠭᠤᠯᠵᠤ ᠪᠠᠶᠢᠭ᠎ᠠ ᠪᠠᠶᠢᠳᠠᠯ ᠢ ᠬᠢᠨᠠᠨ ᠵᠢᠯᠤᠭᠤᠳᠴᠤ ᠪᠠᠶᠢᠴᠠᠭᠠᠪᠠ
ᠨᠡᠶᠢᠲᠡᠯᠡᠭᠰᠡᠨ ᠴᠠᠭ᠄
2023/3/30
    3 ᠰᠠᠷ᠎ᠠ ᠶᠢᠨ 22᠎ ᠤᠨ ᠡᠳᠦᠷ᠂ ᠶᠤᠸᠠᠨ ᠪᠦᠦ ᠱᠠᠨ ᠲᠣᠭᠤᠷᠢᠭ ᠤᠨ ᠵᠠᠰᠠᠭ ᠤᠨ ᠣᠷᠳᠣᠨ ᠤ ᠳᠡᠳ᠋ ᠪ᠊ ᠲᠣᠭᠤᠷᠢᠭ ᠤᠨ ᠳᠠᠷᠤᠭ᠎ᠠ ᠫᠧᠩ ᠰᠢᠶᠣᠣ ᠵᠢᠤᠸᠠᠨ ᠰᠤᠷᠭᠠᠭᠤᠯᠢ ᠶᠢᠨ ᠬᠤᠭᠤᠯᠠᠨ ᠭᠡᠷ ᠲᠤ ᠬᠦᠷᠴᠦ ᠢᠳᠡᠭᠡᠨ ᠤ ᠠᠮᠤᠷ ᠲᠦᠪᠰᠢᠨ ᠤ ︽ᠬᠤᠶᠠᠷ ᠬᠠᠷᠢᠭᠤᠴᠠᠯᠭ᠎ᠠ︾᠎ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠬᠢᠨᠠᠨ ᠵᠢᠯᠤᠭᠤᠳᠴᠤ ᠪᠠᠶᠢᠴᠠᠭᠠᠪᠠ᠂ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶᠠᠨ ᠤ ᠬᠠᠮᠢᠶ᠎ᠠ ᠪᠦᠬᠦᠢ ᠬᠠᠷᠢᠭᠤᠴᠠᠯᠭᠠᠲᠠᠨ ᠨᠥᠬᠦᠳ ᠪᠠᠷ᠎ᠠ ᠪᠣᠯᠵᠤ ᠪᠠᠶᠢᠴᠠᠭᠠᠪᠠ᠃
1_副本.jpg
       ᠫᠧᠩ ᠰᠢᠶᠣᠣ ᠵᠢᠤᠸᠠᠨ ᠨᠠᠷ ᠶᠤᠸᠠᠨ ᠪᠦᠦ ᠱᠠᠨ ᠲᠣᠭᠤᠷᠢᠭ ᠤᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠬᠤᠭᠤᠯᠠᠨ ᠭᠡᠷ ᠤᠨ ᠲᠣᠭᠤᠭᠠᠨ ᠭᠡᠷ ᠲᠤ ᠬᠦᠷᠴᠦ ᠂ ᠢᠳᠡᠭᠡᠨ ᠤ ᠠᠮᠤᠷ ᠲᠦᠪᠰᠢᠨ ᠤ ᠬᠠᠮᠢᠶᠠᠷᠤᠯᠲᠠ ᠶᠢᠨ ᠳᠦᠷᠢᠮ ᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠨᠠᠷᠢᠨ ᠪᠠᠶᠢᠴᠠᠭᠠᠨ ᠦᠵᠡᠪᠡ ᠃ ᠫᠧᠩ ᠰᠢᠶᠣᠣ ᠵᠢᠤᠸᠠᠨ ᠂ ᠢᠳᠡᠭᠡᠨ ᠤ ᠠᠮᠤᠷ ᠲᠦᠪᠰᠢᠨ ᠳᠤ ᠪᠠᠭ᠎ᠠ ᠶᠠᠪᠤᠳᠠᠯ ᠭᠡᠵᠦ ᠦᠭᠡᠢ᠂ ᠰᠤᠷᠭᠠᠭᠤᠯᠢ ᠨᠤᠭᠤᠳ ︽ᠶᠠᠪᠤᠳᠠᠯ ᠪᠣᠯᠭᠠᠨ ᠳᠤ ᠰᠠᠨᠠᠭ᠎ᠠ ᠠᠮᠤᠷ︾ ᠪᠠᠶᠢᠬᠤ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠪᠠᠷ ᠢᠳᠡᠭᠡᠨ ᠤ ᠠᠮᠤᠷ ᠲᠦᠪᠰᠢᠨ ᠤ ᠪᠡᠶᠡᠴᠢ ᠴᠣᠭᠴᠠ ᠶᠢᠨ ᠬᠠᠷᠢᠭᠤᠴᠠᠯᠭ᠎ᠠ ᠶᠢ ᠡᠷᠡᠰ ᠡᠭᠦᠷᠭᠡᠯᠡᠵᠦ᠂ ᠬᠠᠮᠢᠶᠠᠷᠤᠯᠲᠠ ᠶᠢᠨ ᠳᠦᠷᠢᠮ᠂ ᠠᠵᠢᠯ ᠤᠨ ᠪᠠᠶᠢᠷᠢ ᠶᠢᠨ ᠲᠤᠰᠢᠶᠠᠯ ᠬᠠᠷᠢᠭᠤᠴᠠᠯᠭ᠎ᠠ ᠪᠠ ᠠᠵᠢᠯᠯᠠᠬᠤ ᠳᠦᠷᠢᠮ ᠢ ᠪᠠᠶᠢᠭᠤᠯᠤᠨ ᠪᠦᠷᠢᠨᠰᠢᠭᠦᠯᠵᠦ᠂ ᠲᠥᠪᠯᠡᠷᠡᠭᠦᠯᠦᠨ ᠬᠤᠭᠤᠯᠠ ᠢᠳᠡᠬᠦ ᠪᠠ ᠬᠠᠨᠢ ᠪᠣᠯᠵᠤ ᠬᠤᠭᠤᠯᠠᠯᠠᠬᠤ ᠳᠦᠷᠢᠮ ᠢ ᠴᠢᠩᠭ᠎ᠠ ᠨᠠᠶᠢᠳᠠᠪᠤᠷᠢᠵᠢᠭᠤᠯᠬᠤ ᠬᠡᠷᠡᠭᠲᠡᠢ ︔ ᠢᠳᠡᠭᠡᠨ ᠤ ᠠᠮᠤᠷ ᠲᠦᠪᠰᠢᠨ ᠬᠢᠭᠡᠳ ᠰᠢᠮ᠎ᠡ ᠲᠡᠵᠢᠭᠡᠯ ᠡᠷᠡᠭᠦᠯ ᠮᠡᠨᠳᠦ ᠶᠢᠨ ᠰᠢᠨᠵᠢᠯᠡᠬᠦ ᠤᠬᠠᠭᠠᠨ ᠤ ᠮᠡᠳᠡᠯᠭᠡ ᠶᠢ ᠲᠦᠭᠡᠮᠡᠯᠵᠢᠭᠦᠯᠬᠦ ᠪᠠ ᠤᠬᠠᠭᠤᠯᠭ᠎ᠠ ᠬᠥᠮᠦᠵᠢᠯ ᠤᠨ ᠠᠵᠢᠯᠯᠠᠭ᠎ᠠ ᠶᠢ ᠥᠷᠨᠢᠭᠦᠯᠵᠦ᠂ ᠭᠤᠣᠯᠳᠠᠯᠭ᠎ᠠ ᠲᠠᠢ ᠣᠷᠣᠨ ᠪᠠᠶᠢᠷᠢ ᠶᠢ ᠴᠢᠩᠭ᠎ᠠ ᠠᠩᠬᠠᠷᠴᠤ᠂ ᠪᠠᠭᠤᠷᠠᠢ ᠭᠤᠭᠴᠤᠭ᠎ᠠ ᠳᠤ ᠠᠩᠬᠠᠷᠤᠯ ᠢᠶᠠᠨ ᠲᠥᠪᠯᠡᠷᠡᠭᠦᠯᠦᠨ᠂ ᠲᠦᠭᠦᠬᠡᠢ ᠮᠠᠲ᠋ᠧᠷᠢᠶᠠᠯ ᠤᠨ ᠪᠣᠭᠤᠮᠲᠠ᠂ ᠶᠠᠰᠤ ᠴᠢᠨᠠᠷ ᠤᠨ ᠪᠣᠭᠤᠮᠲᠠ᠂ ᠠᠵᠢᠯᠲᠠᠨ ᠤ ᠪᠣᠭᠤᠮᠲᠠ ᠶᠢ ᠴᠢᠩᠭ᠎ᠠ ᠠᠳᠬᠤᠵᠤ᠂ ᠰᠤᠷᠭᠠᠭᠤᠯᠢ ᠶᠢᠨ ᠬᠦᠷᠢᠶᠡᠨ ᠤ ᠢᠳᠡᠭᠡᠨ ᠤ ᠠᠮᠤᠷ ᠲᠦᠪᠰᠢᠨ ᠤ ᠰᠡᠷᠭᠡᠶᠢᠯᠡᠯᠲᠡ ᠶᠢᠨ ᠱᠤᠭᠤᠮ ᠢ ᠥᠨᠡᠨ ᠬᠦ ᠪᠠᠬᠢᠵᠢᠭᠦᠯᠬᠦ ᠬᠡᠷᠡᠭᠲᠡᠢ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠳ ︽ᠳᠥᠷᠪᠡᠨ ᠬᠠᠮᠤᠭ ᠴᠢᠩᠭ᠎ᠠ︾ ᠱᠠᠭᠠᠷᠳᠠᠯᠭ᠎ᠠ ᠶᠣᠰᠣᠭᠠᠷ᠂ ᠢᠳᠡᠭᠡᠨ ᠤ ᠠᠮᠤᠷ ᠲᠦᠪᠰᠢᠨ ᠤ ᠡᠳᠦᠷ ᠲᠤᠲᠤᠮ ᠤᠨ ᠬᠢᠨᠠᠯᠲᠠ ᠪᠠᠶᠢᠴᠠᠭᠠᠯᠲᠠ ᠪᠠ ᠲᠤᠰᠬᠠᠢ ᠴᠡᠭᠴᠡᠯᠡᠨ ᠵᠠᠰᠠᠬᠤ ᠡᠷᠴᠢᠮ ᠢᠶᠠᠨ ᠴᠢᠩᠭᠠᠷᠠᠭᠤᠯᠵᠤ᠂ ᠰᠤᠷᠭᠠᠭᠤᠯᠢ ᠶᠢ ᠰᠢᠮᠳᠠᠭᠤᠯᠤᠨ ᠢᠳᠡᠭᠡᠨ ᠤ ᠠᠮᠤᠷ ᠲᠦᠪᠰᠢᠨ ᠤ ᠭᠤᠣᠯ ᠴᠣᠭᠴᠠ ᠶᠢᠨ ᠬᠠᠷᠢᠭᠤᠴᠠᠯᠭ᠎ᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠰᠤᠷᠭᠠᠭᠤᠯᠢ ᠶᠢᠨ ᠢᠳᠡᠭᠡᠨ ᠤ ᠠᠮᠤᠷ ᠲᠦᠪᠰᠢᠨ ᠤ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ ᠴᠢᠳᠠᠪᠤᠷᠢ ᠶᠢ ᠦᠷᠭᠦᠯᠵᠢᠯᠡᠨ ᠳᠡᠭᠡᠭᠰᠢᠯᠡᠭᠦᠯᠵᠦ᠂ ᠥᠷᠭᠡᠨ ᠣᠯᠠᠨ ᠪᠠᠭᠰᠢ ᠰᠤᠷᠤᠭᠴᠢᠳ ᠤᠨ ︽ᠢᠳᠡᠭᠡᠨ ᠤᠮᠳᠠᠭᠠᠨ ᠤ ᠠᠮᠤᠷ ᠲᠦᠪᠰᠢᠨ︾᠎ ᠢ ᠪᠥᠬᠦ ᠬᠦᠴᠦᠨ ᠢᠶᠠᠷ ᠢᠶᠠᠨ ᠬᠠᠮᠠᠭᠠᠯᠠᠬᠤ ᠬᠡᠷᠡᠭᠲᠡᠢ ᠭᠡᠵᠦ ᠴᠢᠬᠤᠯᠠᠴᠢᠯᠠᠵᠠᠢ᠃ 
 
ᠢᠷᠡᠯᠲᠡ᠄ ︽ᠾᠦᠸᠧ ᠯᠢ ᠶᠤᠸᠠᠨ ᠪᠦᠦ ᠱᠠᠨ ︾ ᠸᠢᠴᠠᠲ ᠨᠡᠶᠢᠲᠡ ᠶᠢᠨ ᠲᠠᠪᠴᠠᠩ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1