ᠤᠯᠤᠰ ᠤᠨ ᠠᠩᠬᠠᠨ ᠤ ᠨᠡᠭᠦᠷᠡᠰᠦᠲᠦ᠋ᠷᠦᠭᠴᠢ ᠶᠢᠨ ᠬᠡᠮᠵᠢᠯᠲᠡ ᠶᠢᠨ ᠲᠥᠪ ᠢ ᠥᠪᠥᠷ ᠮᠣᠩᠭᠤᠯ ᠳᠤ ᠪᠠᠶᠢᠭᠤᠯᠬᠤ ᠪᠠᠷ ᠪᠣᠢ
ᠨᠡᠶᠢᠲᠡᠯᠡᠭᠰᠡᠨ ᠴᠠᠭ᠄
2022/5/19
      ᠨᠡᠭᠦᠷᠡᠰᠦᠲᠦ᠋ᠷᠦᠭᠴᠢ ᠎ ᠶᠢᠨ  ᠲᠠᠪᠬᠤᠷ ᠢᠰᠦᠯ  ᠭᠠᠳᠠᠭᠰᠢᠯᠠᠭᠤᠯᠬᠤ ᠬᠡᠮᠵᠢᠶ᠎ᠠ ᠎ ᠶᠢ ᠤᠷᠬᠢᠯ ᠎ ᠳᠤᠨᠢ ᠬᠦᠷᠭᠡᠬᠦ ᠪᠠ ᠲᠡᠩᠴᠡᠬᠦᠷᠢᠰᠢᠬᠦᠯᠬᠦ ᠪᠠᠶᠢᠯᠳᠤᠬᠤ ᠪᠣᠳᠣᠯᠭ᠎ᠠ ᠎ ᠶᠢᠨ ᠪᠠᠶᠢᠷᠢᠯᠠᠭᠤᠯᠤᠯᠲᠠ ᠎ ᠶᠢ ᠭᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠰᠠᠭᠤᠷᠢ ᠲᠦᠰᠢᠭ ᠲᠤᠯᠭᠠᠭᠤᠷᠢ ᠎ ᠶᠢ ᠪᠠᠲᠤᠯᠠᠬᠤ ᠎ ᠳᠤ ᠦᠵᠡᠭᠦᠯᠬᠦ ᠬᠡᠮᠵᠢᠯᠲᠡ ᠎ ᠶᠢᠨ ᠦᠢᠯᠡᠳᠦᠯ ᠎ ᠢ ᠪᠠᠳᠠᠷᠠᠭᠤᠯᠵᠤ᠂ ᠨᠡᠭᠦᠷᠡᠰᠦᠲᠦ᠋ᠷᠦᠭᠴᠢ ᠎ ᠶᠢᠨ ᠳᠠᠪᠬᠤᠷ ᠢᠰᠦᠯ ᠭᠠᠳᠠᠭᠰᠢᠯᠠᠭᠤᠯᠬᠤ ᠬᠡᠮᠵᠢᠶ᠎ᠡ ᠎ ᠶᠢ ᠣᠷᠭᠢᠯ ᠎ ᠳᠤᠨᠢ ᠬᠦᠷᠭᠡᠵᠦ ᠲᠡᠩᠴᠡᠭᠦᠷᠢᠰᠢᠭᠦᠯᠬᠦ ᠬᠠᠷᠠᠯᠲᠠ ᠎ ᠶᠢ ᠪᠡᠶᠡᠯᠡᠭᠦᠯᠬᠦ ᠎ ᠶᠢᠨ ᠲᠥᠯᠥᠭᠡ ᠥᠪᠤᠷ ᠮᠤᠩᠭᠤᠯ ᠎ ᠤᠨ ᠥᠪᠡᠷᠳᠡᠭᠡᠨ ᠵᠠᠰᠠᠬᠤ ᠤᠷᠤᠨ ᠎ ᠤ ᠬᠡᠮᠵᠢᠯᠲᠡ ᠎ ᠶᠢᠨ ᠲᠤᠷᠰᠢᠯᠲᠠ ᠎ ᠶᠢᠨ ᠰᠤᠳᠤᠯᠭᠠᠨ ᠎ ᠤ ᠬᠦᠷᠢᠶᠡᠯᠡᠩ ᠠᠴᠠ ︽ᠤᠯᠤᠰ ᠎ ᠤᠨ ᠨᠡᠭᠦᠷᠡᠰᠦᠲᠦ᠋ᠷᠦᠭᠴᠢ ᠎ ᠶᠢᠨ ᠬᠡᠮᠵᠢᠯᠲᠡ ᠶᠢᠨ ᠲᠥᠪ︾ ᠎ ᠢ ᠪᠠᠶᠢᠭᠤᠯᠬᠤ ᠎ ᠶᠢ ᠤᠯᠤᠰ ᠤᠨ ᠵᠠᠬ᠎ᠠ ᠳᠡᠯᠭᠡᠭᠦᠷ ᠎ ᠢ ᠬᠢᠨᠠᠵᠤ ᠬᠠᠮᠢᠶᠠᠷᠬᠤ ᠶᠡᠷᠦᠩᠬᠡᠢ ᠲᠤᠪᠴᠢᠶ᠎ᠠ ᠣᠶᠢᠷ᠎ᠠ ᠎ ᠳᠤ ᠵᠥᠪᠰᠢᠶᠡᠷᠡᠭᠰᠡᠨ ᠪᠠᠶᠢᠨ᠎ᠠ᠃ ᠡᠨᠡ ᠪᠣᠯ ᠵᠠᠬ᠎ᠠ ᠳᠡᠯᠭᠡᠭᠦᠷ ᠢ ᠬᠢᠨᠠᠵᠤ ᠬᠠᠮᠢᠶᠠᠷᠬᠤ ᠶᠡᠷᠦᠩᠬᠡᠢ ᠲᠣᠪᠴᠢᠶᠠᠨ ᠎ ᠠᠴᠠ ᠵᠥᠪᠰᠢᠶᠡᠷᠡᠯ ᠣᠯᠭᠤᠨ ᠪᠠᠶᠢᠭᠤᠯᠵᠤ ᠪᠠᠶᠢᠭ᠎ᠠ ᠤᠯᠤᠰ ᠎ ᠤᠨ ᠠᠩᠬᠠᠨ ᠎ ᠤ ᠨᠡᠭᠦᠷᠡᠰᠦᠲᠦ᠋ᠷᠦᠭᠴᠢ ᠎ ᠶᠢᠨ ᠬᠡᠮᠵᠢᠯᠲᠡ ᠎ ᠶᠢᠨ ᠲᠥᠪ ᠪᠣᠯᠣᠨ᠎ᠠ᠃                              ᠬᠡᠮᠵᠢᠯᠲᠡ ᠪᠣᠯ ᠤᠯᠤᠰ ᠎ ᠤᠨ ᠴᠢᠨᠠᠷᠯᠢᠭ ᠰᠠᠭᠤᠷᠢ ᠪᠡᠯᠡᠳᠬᠡᠯ ᠲᠥᠬᠦᠭᠡᠷᠦᠮᠵᠢ ᠎ ᠶᠢᠨ ᠴᠢᠬᠤᠯᠠ ᠠᠭᠤᠯᠭ᠎ᠠ ᠮᠥᠨ᠂ ᠡᠨᠧᠷᠭᠢ ᠶᠢᠨ ᠡᠬᠢ ᠪᠠᠶᠠᠯᠢᠭ ᠎ ᠢ ᠥᠨᠳᠥᠷ ᠦᠷ᠎ᠡ ᠪᠦᠲᠦᠮᠵᠢᠲᠡᠢ ᠠᠰᠢᠭᠯᠠᠬᠤ᠂ ᠠᠵᠤ ᠦᠢᠯᠡᠰ ᠎ ᠤᠨ ᠪᠦᠲᠦᠴᠡ ᠎ ᠳᠤ ᠭᠦᠨᠵᠡᠭᠡᠢ ᠲᠣᠬᠢᠷᠠᠭᠤᠯᠤᠯᠲᠠ ᠬᠢᠬᠦ᠂ ᠠᠮᠢᠳᠤᠷᠠᠯ ᠎ ᠤᠨ ᠠᠷᠭ᠎ᠠ ᠬᠡᠯᠪᠡᠷᠢ ᠎ ᠶᠢ ᠪᠣᠬᠢᠷᠲᠤᠯ ᠦᠭᠡᠢ ᠪᠣᠯᠭᠠᠵᠤ ᠬᠤᠪᠢᠷᠠᠭᠤᠯᠬᠤ᠂ ᠠᠵᠤ ᠠᠬᠤᠢ ᠨᠡᠶᠢᠭᠡᠮ ᠎ ᠤᠨ ᠪᠣᠬᠢᠷᠲᠤᠯ ᠦᠭᠡᠢ ᠬᠥᠭᠵᠢᠯᠲᠡ ᠎ ᠶᠢ ᠠᠬᠢᠭᠤᠯᠬᠤ ᠎ ᠶᠢᠨ ᠴᠢᠬᠤᠯᠠ ᠲᠦᠰᠢᠭ ᠲᠤᠯᠭᠠᠭᠤᠷᠢ ᠮᠥᠨ᠂ ᠭᠠᠳᠠᠭᠰᠢᠯᠠᠭᠤᠯᠬᠤ ᠬᠦᠯᠡᠮᠵᠢ ᠎ ᠶᠢᠨ ᠬᠡᠢ ᠎ ᠶᠢ ︽ᠬᠡᠮᠵᠢᠬᠦ᠂ ᠮᠡᠳᠡᠭᠦᠯᠬᠦ᠂ ᠬᠠᠷᠭᠤᠭᠤᠯᠤᠨ ᠪᠠᠶᠢᠴᠠᠭᠠᠬᠤ︾ ᠬᠠᠷᠠᠯᠲᠠ ᠎ ᠶᠢ ᠪᠡᠶᠡᠯᠡᠭᠦᠯᠬᠦ ᠎ ᠶᠢᠨ ᠴᠢᠬᠤᠯᠠ ᠪᠠᠲᠤᠯᠠᠭ᠎ᠠ ᠮᠥᠨ᠂ ᠲᠡᠷᠡ ᠎ ᠨᠢ ᠨᠡᠭᠦᠷᠡᠰᠦᠲᠦ᠋ᠷᠦᠭᠴᠢ ᠎ ᠶᠢᠨ ᠳᠠᠪᠬᠤᠷ ᠢᠰᠦᠯ ᠎ ᠤᠨ ᠬᠡᠮᠵᠢᠶ᠎ᠡ ᠎ ᠶᠢ ᠣᠷᠭᠢᠯ ᠎ ᠳᠤᠨᠢ ᠬᠦᠷᠭᠡᠵᠦ ᠲᠡᠩᠴᠡᠭᠦᠷᠢᠰᠢᠭᠦᠯᠬᠦ ᠬᠠᠷᠠᠯᠲᠠ ᠎ ᠶᠢ ᠲᠣᠭᠲᠠᠭᠰᠠᠨ ᠬᠤᠭᠤᠴᠠᠭᠠᠨ ᠎ ᠳᠤ ᠪᠡᠶᠡᠯᠡᠭᠦᠯᠬᠦ ᠎ ᠳᠤ ᠴᠢᠬᠤᠯᠠ ᠠᠴᠢ ᠬᠤᠯᠪᠣᠭᠳᠠᠯ ᠎ ᠲᠠᠢ ᠶᠤᠮ᠃                             ᠥᠪᠥᠷ ᠮᠣᠩᠭᠤᠯ ᠪᠣᠯ ᠮᠠᠨ ᠎ ᠤ ᠤᠯᠤᠰ ᠎ ᠤᠨ ᠡᠨᠧᠷᠭᠢ ᠪᠣᠯᠣᠨ ᠪᠠᠶᠢᠯᠳᠤᠬᠤ ᠪᠣᠳᠣᠯᠭ᠎ᠠ ᠎ ᠶᠢᠨ ᠡᠬᠢ ᠪᠠᠶᠠᠯᠢᠭ ᠎ ᠤᠨ ᠴᠢᠬᠤᠯᠠ ᠰᠠᠭᠤᠷᠢᠨ ᠭᠠᠵᠠᠷ᠂ ᠮᠠᠨ ᠎ ᠤ ᠤᠯᠤᠰ ᠎ ᠤᠨ ᠤᠮᠠᠷᠠᠲᠤ ᠎ ᠶᠢᠨ ᠠᠮᠢ ᠠᠬᠤᠢ ᠎ ᠶᠢᠨ ᠠᠮᠤᠷ ᠲᠦᠪᠰᠢᠨ ᠎ ᠤ ᠴᠢᠬᠤᠯᠠ ᠬᠠᠯᠬᠠᠪᠴᠢ ᠪᠣᠯᠣᠨ᠎ᠠ᠃ ᠥᠪᠤᠷ ᠮᠤᠩᠭᠤᠯ ᠎ ᠤᠨ ᠥᠪᠡᠷᠳᠡᠭᠡᠨ ᠵᠠᠰᠠᠬᠤ ᠤᠷᠤᠨ ᠎ ᠤ ᠬᠡᠮᠵᠢᠯᠲᠡ ᠎ ᠶᠢᠨ ᠲᠤᠷᠰᠢᠯᠲᠠ ᠎ ᠶᠢᠨ ᠰᠤᠳᠤᠯᠭᠠᠨ ᠎ ᠤ ᠬᠦᠷᠢᠶᠡᠯᠡᠩ ᠎ ᠳᠤ ᠤᠯᠤᠰ ᠎ ᠤᠨ ᠬᠤᠲᠠ ᠎ ᠶᠢᠨ ᠡᠨᠧᠷᠭᠢ ᠎ ᠶᠢ ᠬᠡᠮᠵᠢᠬᠦ ᠲᠥᠪ᠂ ᠭᠤᠣᠯᠳᠠᠯᠭ᠎ᠠ ᠎ ᠲᠠᠢ ᠡᠨᠧᠷᠭᠢ ᠬᠡᠷᠡᠭᠯᠡᠬᠦ ᠪᠠᠶᠢᠭᠤᠯᠭ᠎ᠠ ᠎ ᠶᠢᠨ ᠡᠨᠧᠷᠭᠢ ᠎ ᠶᠢᠨ ᠬᠤᠷᠣᠭᠳᠠᠯ ᠎ ᠢ ᠬᠡᠮᠵᠢᠬᠦ ᠲᠥᠪ ᠪᠣᠯᠣᠨ ᠭᠤᠣᠯᠳᠠᠯᠭ᠎ᠠ ᠎ ᠲᠠᠢ ᠡᠨᠧᠷᠭᠢ ᠬᠡᠷᠡᠭᠯᠡᠬᠦ ᠪᠠᠶᠢᠭᠤᠯᠭ᠎ᠠ ᠎ ᠶᠢᠨ ᠡᠨᠧᠷᠭᠢ ᠎ ᠶᠢᠨ ᠬᠤᠷᠣᠭᠳᠠᠯ ᠎ ᠢ ᠰᠦᠯᠵᠢᠶ᠎ᠡ ᠎ ᠪᠠᠷ ᠬᠢᠨᠠᠨ ᠬᠡᠮᠵᠢᠬᠦ ᠰᠢᠰᠲ᠋ᠧᠮ ᠎ ᠢ ᠪᠠᠶᠢᠭᠤᠯᠵᠤ᠂ ᠭᠤᠣᠯᠳᠠᠯᠭ᠎ᠠ ᠎ ᠲᠠᠢ ᠡᠨᠧᠷᠭᠢ ᠬᠡᠷᠡᠭᠯᠡᠬᠦ ᠪᠠᠶᠢᠭᠤᠯᠭ᠎ᠠ ᠎ ᠶᠢᠨ ᠨᠡᠭᠦᠷᠡᠰᠦ ᠤᠰᠤ ᠴᠠᠬᠢᠯᠭᠠᠨ ᠪᠠᠶᠢᠭᠠᠯᠢ ᠎ ᠶᠢᠨ ᠰᠢᠲᠠᠭᠴᠢ ᠬᠡᠢ ᠴᠢᠯᠠᠭᠤᠨ ᠲᠣᠰᠣ ᠢᠯᠴᠢ ᠵᠡᠷᠭᠡ ᠎ ᠶᠢᠨ ᠬᠤᠷᠣᠭᠳᠠᠯ ᠎ ᠤᠨ ᠲᠤᠭ᠎ᠠ ᠪᠠᠷᠢᠮᠲᠠ ᠎ ᠶᠢ ᠰᠦᠯᠵᠢᠶ᠎ᠡ ᠎ ᠪᠠᠷ ᠬᠢᠨᠠᠨ ᠬᠡᠮᠵᠢᠵᠦ ᠵᠠᠳᠠᠯᠤᠯᠲᠠ ᠬᠢᠵᠦ ᠪᠠᠶᠢᠬᠤ ᠪᠥᠭᠡᠳ ᠨᠡᠭᠦᠷᠡᠰᠦᠲᠦ᠋ᠷᠦᠭᠴᠢ ᠎ ᠶᠢ ᠬᠡᠮᠵᠢᠬᠦ ᠪᠠᠷᠢᠮᠵᠢᠶᠠᠵᠢᠭᠰᠠᠨ ᠲᠤᠷᠰᠢᠯᠲᠠ ᠎ ᠶᠢᠨ ᠲᠠᠰᠤᠭ ᠎ ᠢ ᠪᠠᠶᠢᠭᠤᠯᠤᠭᠰᠠᠨ ᠪᠣᠯᠬᠤᠷ ᠭᠠᠳᠠᠭᠰᠢᠯᠠᠭᠤᠯᠬᠤ ᠬᠦᠯᠡᠮᠵᠢ ᠎ ᠶᠢᠨ ᠬᠡᠢ ᠎ ᠶᠢ ᠬᠠᠷᠭᠤᠭᠤᠯᠤᠨ ᠪᠣᠳᠣᠬᠤ᠂ ᠣᠢ ᠰᠢᠭᠤᠢ ᠲᠠᠯ᠎ᠠ ᠨᠤᠲᠤᠭ ᠎ ᠤᠨ ᠨᠡᠭᠦᠷᠡᠰᠦᠲᠦ᠋ᠷᠦᠭᠴᠢ ᠬᠤᠷᠠᠮᠳᠤᠭᠤᠯᠬᠤ ᠬᠡᠮᠵᠢᠶ᠎ᠡ ᠎ ᠳᠤ ᠵᠠᠳᠠᠯᠤᠯᠲᠠ ᠬᠢᠬᠦ ᠵᠡᠷᠭᠡ ᠴᠢᠳᠠᠪᠤᠷᠢ ᠎ ᠲᠠᠢ ᠪᠠᠶᠢᠳᠠᠭ᠃                              ᠡᠶᠢᠮᠦ ᠎ ᠠᠴᠠ ᠥᠪᠤᠷ ᠮᠤᠩᠭᠤᠯ ᠎ ᠤᠨ ᠥᠪᠡᠷᠳᠡᠭᠡᠨ ᠵᠠᠰᠠᠬᠤ ᠤᠷᠤᠨ ᠎ ᠤ ᠬᠡᠮᠵᠢᠯᠲᠡ ᠎ ᠶᠢᠨ ᠲᠤᠷᠰᠢᠯᠲᠠ ᠎ ᠶᠢᠨ ᠰᠤᠳᠤᠯᠭᠠᠨ ᠤ ᠬᠦᠷᠢᠶᠡᠯᠡᠩ ᠎ ᠳᠤ ᠲᠦᠰᠢᠭᠯᠡᠨ ᠤᠯᠤᠰ ᠎ ᠤᠨ ᠨᠡᠭᠦᠷᠡᠰᠦᠲᠦ᠋ᠷᠦᠭᠴᠢ ᠎ ᠶᠢᠨ ᠬᠡᠮᠵᠢᠯᠲᠡ ᠎ ᠶᠢᠨ ᠲᠥᠪ ᠎ ᠢ ᠪᠠᠶᠢᠭᠤᠯᠬᠤ ᠎ ᠨᠢ᠂ ᠥᠪᠥᠷ ᠮᠣᠩᠭᠤᠯ ᠎ ᠤᠨ ᠡᠬᠢ ᠪᠠᠶᠠᠯᠢᠭ᠂ ᠠᠮᠢ ᠠᠬᠤᠢ᠂ ᠪᠦᠰᠡ ᠨᠤᠲᠤᠭ ᠎ ᠤᠨ ᠪᠠᠶᠢᠷᠢ ᠰᠠᠭᠤᠷᠢ ᠵᠡᠷᠭᠡ ᠳᠠᠪᠠᠭᠤᠯᠢᠭ ᠎ ᠢ ᠪᠠᠳᠠᠷᠠᠭᠤᠯᠵᠤ᠂ ᠤᠯᠤᠰ ᠤᠨ ᠨᠡᠭᠦᠷᠡᠰᠦᠲᠦ᠋ᠷᠦᠭᠴᠢ ᠎ ᠶᠢᠨ ᠳᠠᠪᠬᠤᠷ ᠢᠰᠦᠯ ᠭᠠᠳᠠᠭᠰᠢᠯᠠᠭᠤᠯᠬᠤ ᠬᠡᠮᠵᠢᠶ᠎ᠡ ᠎ ᠶᠢ ᠣᠷᠭᠢᠯ ᠎ ᠳᠤᠨᠢ ᠬᠦᠷᠭᠡᠵᠦ ᠲᠡᠩᠴᠡᠭᠦᠷᠢᠰᠢᠭᠦᠯᠬᠦ ᠬᠠᠷᠠᠯᠲᠠ ᠎ ᠶᠢᠨ ᠱᠠᠭᠠᠷᠳᠠᠯᠭ᠎ᠠ ᠎ ᠲᠠᠢ ᠨᠢᠭᠲᠠ ᠠᠪᠴᠠᠯᠳᠤᠭᠤᠯᠵᠤ᠂ ᠨᠡᠭᠦᠷᠡᠰᠦᠲᠦ᠋ᠷᠦᠭᠴᠢ ᠎ ᠶᠢ ᠬᠡᠮᠵᠢᠬᠦ ᠠᠷᠭ᠎ᠠ ᠵᠠᠮ ᠪᠣᠯᠣᠨ ᠬᠡᠪ ᠵᠠᠭᠪᠤᠷ ᠎ ᠢ ᠢᠳᠡᠪᠬᠢᠲᠡᠢ ᠰᠦᠪᠡᠭᠴᠢᠯᠡᠵᠦ᠂ ᠪᠦᠬᠦ ᠤᠯᠤᠰ ᠎ ᠤᠨ ᠡᠯ᠎ᠡ ᠭᠠᠵᠠᠷ ᠤᠨ ᠬᠡᠮᠵᠢᠯᠲᠡ ᠎ ᠶᠢᠨ ᠲᠧᠭᠨᠢᠭ ᠮᠡᠷᠭᠡᠵᠢᠯ ᠎ ᠤᠨ ᠪᠠᠶᠢᠭᠤᠯᠤᠮᠵᠢ ᠎ ᠶᠢ ᠵᠢᠭᠠᠨ ᠵᠢᠯᠣᠭᠤᠳᠴᠤ ᠨᠡᠭᠦᠷᠡᠰᠦᠲᠦ᠋ᠷᠦᠭᠴᠢ ᠎ ᠶᠢᠨ ᠳᠠᠪᠬᠤᠷ ᠢᠰᠦᠯ ᠭᠠᠳᠠᠭᠰᠢᠯᠠᠭᠤᠯᠬᠤ ᠬᠡᠮᠵᠢᠶ᠎ᠡ ᠎ ᠶᠢ ᠣᠷᠭᠢᠯ ᠳᠤᠨᠢ ᠬᠦᠷᠭᠡᠵᠦ ᠲᠡᠩᠴᠡᠭᠦᠷᠢᠰᠢᠭᠦᠯᠬᠦ ᠬᠠᠷᠠᠯᠲᠠ ᠎ ᠶᠢ ᠪᠡᠶᠡᠯᠡᠭᠦᠯᠬᠦ ᠎ ᠳᠤ ᠨᠡᠩ ᠰᠠᠶᠢᠨ ᠦᠢᠯᠡᠴᠢᠯᠡᠬᠦ ᠎ ᠳᠤ ᠴᠢᠬᠤᠯᠠ ᠲᠤᠷᠰᠢᠯᠲᠠ ᠎ ᠶᠢᠨ ᠴᠡᠭ ᠎ ᠤᠨ ᠵᠢᠱᠢᠶ᠎ᠡ ᠦᠵᠡᠭᠦᠯᠬᠦ ᠪᠠ ᠳᠠᠶᠢᠴᠢᠯᠠᠨ ᠳᠠᠭᠠᠭᠤᠯᠬᠤ ᠦᠢᠯᠡᠳᠦᠯ ᠎ ᠲᠠᠢ ᠶᠤᠮ᠃
 
ᠢᠷᠡᠯᠲᠡ᠄ ᠠᠷᠠᠳ ᠤᠨ ᠰᠦᠯᠵᠢᠶᠡᠨ ᠤ ᠮᠤᠩᠭᠤᠯ ᠬᠡᠯᠡᠨ ᠤ ᠰᠤᠪᠠᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1