ᠬᠢᠷ᠎ᠠ ᠶᠡᠬᠦᠷᠡᠬᠦ ᠭᠡᠳᠡᠭ ᠢ ᠶᠠᠭᠠᠬᠢᠵᠤ ᠦᠢᠯᠠᠭᠠᠬᠤ ᠪᠤᠢ
ᠨᠡᠶᠢᠲᠡᠯᠡᠭᠰᠡᠨ ᠴᠠᠭ᠄
2022/3/21
    ᠪᠠᠯ ᠶᠡᠬᠦᠷᠡᠬᠦ ᠭᠡᠳᠡᠭ ᠪᠤᠯ ᠠᠭᠤᠯᠠᠨ ᠤ ᠭᠢᠷ᠎ᠡ ᠶᠢᠨ ᠰᠢᠷᠤᠢ ᠪᠤᠯᠤᠨ ᠬᠠᠳᠠ ᠴᠢᠯᠠᠭᠤ ᠨᠢ ᠭᠤᠤᠯ ᠤᠨ ᠤᠰᠤᠨ ᠳᠤ ᠤᠷᠤᠰᠬᠤ᠂ ᠬᠥᠷᠥᠰᠥᠨ ᠲᠤᠤᠷᠠᠬᠢ ᠤᠰᠤ ᠤᠷᠤᠰᠬᠤ᠂ ᠭᠠᠵᠠᠷ ᠬᠥᠳᠡᠯᠬᠦ ᠵᠢᠴᠢ ᠬᠥᠮᠥᠨ ᠤ ᠬᠥᠴᠤ ᠪᠠᠷ ᠠᠭᠤᠯᠠᠨ ᠤ ᠬᠢᠷ᠎ᠠ ᠬᠥᠳᠥᠯ ᠢ ᠰᠡᠭᠴᠢᠵᠤ ᠬᠥᠨᠳᠡᠭᠰᠡᠨ ᠵᠡᠷᠭᠡ ᠬᠥᠴᠥᠨ ᠵᠥᠢᠯ ᠤᠨ ᠨᠥᠯᠥᠭᠡ ᠠᠴᠠ ᠪᠤᠯᠵᠤ᠂ ᠬᠥᠨᠳᠤ ᠶᠢᠨ ᠬᠥᠴᠥᠨ ᠤ ᠥᠢᠯᠡᠳᠥᠯ ᠲᠤᠤᠷ᠎ᠠ᠂ ᠬᠢᠷ᠎ᠠ ᠬᠥᠳᠥᠯ ᠲᠠᠭᠠᠵᠤ ᠲᠤᠷᠤᠭᠰᠢ ᠪᠠᠨ ᠶᠡᠬᠦᠷᠡᠵᠤ ᠬᠥᠳᠡᠯᠬᠦ ᠪᠠᠶᠢᠭᠠᠯᠢ ᠶᠢᠨ ᠥᠵᠡᠭᠳᠡᠯ ᠢ ᠬᠡᠯᠡᠨ᠎ᠡ᠃ ᠮᠥᠨ ᠴᠤ ︽ᠠᠭᠤᠯᠠ ᠬᠥᠳᠡᠯᠬᠦ︾ ᠭᠡᠳᠡᠭ᠃ ᠭᠢᠷ᠎ᠠ ᠶᠡᠬᠦᠷᠡᠬᠦ ᠠᠴᠠ ᠪᠤᠯᠵᠤ ᠭᠠᠵᠠᠷ ᠤᠨ ᠭᠠᠳᠠᠷᠭᠤ ᠬᠠᠭᠠᠷᠠᠨ ᠠᠩ ᠵᠠᠪᠰᠠᠷ ᠭᠠᠷᠴᠤ᠂ ᠭᠡᠷ ᠪᠠᠶᠢᠰᠢᠩ ᠡᠪᠳᠡᠭᠳᠡᠨ ᠨᠤᠷᠠᠵᠤ ᠂ ᠵᠠᠮ ᠲᠠᠷᠤᠭᠳᠠᠨ ᠪᠥᠭᠯᠡᠷᠡᠵᠤ᠂ ᠭᠤᠤᠯ ᠤᠨ ᠤᠷᠤᠰᠬᠠᠯ ᠲᠠᠰᠤᠯᠤᠭᠳᠠᠨ ᠲᠥᠭᠵᠢᠷᠡᠬᠦ ᠪᠤᠯᠤᠨ᠎ᠠ᠃     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ    ○ ᠭᠢᠷ᠎ᠠ ᠶᠡᠬᠦᠷᠡᠵᠤ ᠪᠠᠶᠢᠪᠠᠯ᠂ ᠬᠤᠶᠠᠷ ᠲᠠᠯ᠎ᠠ ᠶᠢᠨ ᠨᠡᠮ ᠲᠤᠭᠳᠠᠭᠤᠨ ᠭᠠᠵᠠᠷ ᠲᠤ ᠦᠳᠳᠡᠷ ᠲᠥᠷᠭᠡᠨ ᠢᠶᠠᠷ ᠵᠠᠶᠢᠯᠠᠵᠤ ᠵᠠᠶᠢᠯᠠᠨ᠎ᠠ᠃    ○ ᠬᠢᠷ᠎ᠠ ᠶᠡᠬᠦᠷᠡᠵᠤ ᠪᠠᠶᠢᠭ᠎ᠠ ᠥᠶ᠎ᠡ ᠳᠤ ᠵᠢᠭᠤᠳᠠᠬᠤ ᠶᠢᠨ ᠠᠷᠭ᠎ᠠ ᠥᠭᠡᠢ ᠪᠤᠯᠪᠠᠯ ᠨᠠᠯᠤ ᠶᠢᠨ ᠭᠡᠮᠵᠢᠶ᠎ᠡ ᠨᠢ ᠨᠡᠯᠢᠶᠡᠳ ᠲᠡᠭᠰᠢᠭᠡᠨ ᠰᠢᠭ ᠠᠭᠤᠵᠢᠮ ᠭᠠᠵᠠᠷ ᠲᠤ ᠤᠴᠢᠵᠤ ᠵᠤᠭᠰᠤᠬᠤ ᠶᠢᠨ ᠬᠠᠮᠳᠤ᠂ ᠭᠡᠷ ᠪᠠᠶᠢᠰᠢᠩ᠂ ᠭᠡᠷᠡᠮ ᠬᠠᠰᠢᠶ᠎ᠠ᠂ ᠴᠠᠬᠢᠯᠭᠠᠨ ᠤᠳᠠᠰᠤᠨ ᠤ ᠪᠠᠭᠠᠨ᠎ᠠ ᠵᠡᠷᠭᠡ ᠠᠴᠠ ᠵᠠᠶᠢᠳᠠᠢ ᠪᠠᠶᠢᠬᠤ ᠭᠡᠷᠡᠭᠳᠡᠢ᠃    ᠲᠤᠰᠬᠠᠢ ᠮᠡᠷᠭᠡᠵᠢᠯᠳᠡᠨ ᠤ ᠰᠠᠨᠠᠭᠤᠯᠤᠮᠵᠢ    ◇ ᠭᠢᠷ᠎ᠠ ᠶᠡᠬᠦᠷᠡᠭᠡᠳ ᠭᠠᠵᠠᠷ ᠤᠨ ᠪᠠᠶᠢᠴᠠ ᠶᠢ ᠶᠠᠭ ᠯᠠ ᠡᠪᠬᠢᠬᠦᠷ ᠰᠠᠨᠳᠠᠯᠢ ᠪᠤᠶᠤ ᠮᠤᠷᠢᠨ ᠤ ᠲᠤᠭᠤᠷᠠᠢ ᠶᠢᠨ ᠬᠡᠯᠪᠡᠷᠢᠳᠡᠢ ᠪᠤᠯᠭᠠᠵᠤ᠂ ᠠᠷᠤ ᠪᠠᠷ ᠢᠶᠠᠨ ᠬᠥᠷᠢᠶᠡᠯᠡᠭᠰᠡᠨ ᠭᠡᠯᠪᠡᠷᠢ ᠲᠠᠢ᠂ ᠵᠥᠰᠥᠵᠤ ᠬᠠᠭᠠᠯᠤᠭᠰᠠᠨ ᠰᠢᠬ ᠠᠩ ᠵᠠᠪᠰᠠᠷ ᠲᠠᠢ᠂ ᠤᠯᠠᠨ ᠲᠡᠰ ᠲᠠᠪᠬᠤᠷᠭ᠎ᠠ ᠶᠢᠨ ᠱᠠᠳᠤ ᠲᠠᠢ᠂ ᠤᠷᠢᠳᠤᠭᠤᠷ ᠢᠶᠠᠨ ᠲᠠᠯᠠᠩ ᠪᠤᠰᠬᠠᠭᠰᠠᠨ ᠭᠡᠯᠪᠡᠷᠢᠳᠡᠢ ᠵᠡᠷᠭᠡ ᠭᠠᠵᠠᠷ ᠤᠨ ᠭᠠᠳᠠᠷᠭᠤ ᠶᠢᠨ ᠤᠨᠴᠠᠯᠢᠬ ᠲᠠᠢ ᠪᠤᠯᠭᠠᠳᠠᠭ᠃     ◇ ᠬᠢᠷ᠎ᠠ ᠶᠡᠬᠦᠷᠡᠬᠦ ᠠᠶᠤᠯ ᠤᠨ ᠰᠡᠷᠡᠮᠵᠢ ᠶᠢᠨ ᠲᠡᠮᠳᠡᠭ ᠲᠠᠢ ᠭᠠᠵᠠᠷ ᠤᠷᠤᠨ ᠢᠶᠠᠷ ᠬᠥᠮᠥᠰ ᠪᠤᠯᠤᠨ ᠲᠡᠷᠭᠡ ᠬᠥᠰᠭᠡ ᠤᠷᠤᠵᠤ ᠭᠠᠷᠴᠤ ᠪᠤᠯᠬᠤ ᠥᠭᠡᠢ᠃     ◇ ᠶᠡᠭᠡ ᠪᠤᠷᠤᠭᠠᠨ ᠪᠤᠶᠤ ᠰᠢᠷᠥᠬᠦᠨ ᠪᠤᠷᠤᠭᠠᠨ ᠤᠷᠤᠭᠰᠠᠨ ᠤ ᠲᠠᠷᠠᠭ᠎ᠠ ᠬᠢᠷ᠎ᠠ ᠶᠡᠬᠦᠷᠡᠬᠦ ᠠᠶᠤᠯ ᠲᠠᠢ ᠭᠠᠵᠠᠷ ᠤᠷᠤᠨ ᠤ ᠤᠢᠢᠷ᠎ᠠ ᠬᠠᠪᠢ ᠪᠠᠷ ᠵᠤᠭᠰᠤᠬᠤ ᠶᠢ ᠡᠷᠡᠰ ᠴᠡᠭᠡᠷᠯᠡᠭᠡᠷᠡᠢ᠃     ◇ ᠠᠭᠤᠯᠠᠨ ᠤ ᠬᠢᠷ᠎ᠠ ᠠᠩ ᠭᠠᠷᠴᠤ ᠬᠠᠭᠠᠷᠠᠬᠤ᠂ ᠭᠡᠷ ᠪᠠᠶᠢᠰᠢᠩ ᠢᠯᠡᠷᠭᠡᠢ ᠴᠠᠪ ᠭᠠᠷᠬᠤ᠂ ᠭᠡᠷᠡᠮ ᠬᠠᠨ᠎ᠠ ᠬᠠᠯᠪᠠᠶᠢᠨ ᠬᠠᠵᠠᠶᠢᠬᠤ᠂ ᠮᠤᠳᠤ ᠭᠤᠤᠯ ᠢᠶᠠᠷ ᠢᠶᠠᠨ ᠬᠠᠭᠠᠷᠠᠬᠤ ᠵᠡᠷᠭᠡ ᠪᠠᠷ ᠭᠢᠷ᠎ᠡ ᠶᠡᠬᠦᠷᠡᠬᠦ ᠥᠵᠡᠭᠳᠡᠯ ᠢᠯᠡᠷᠡᠭᠰᠡᠨ ᠪᠤᠯ ᠲᠡᠷᠡ ᠲᠠᠷᠤᠢ ᠳᠤᠨᠢ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ ᠪᠤᠶᠤ ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠮᠡᠳᠡᠬᠦᠯᠬᠦ ᠶᠢᠨ ᠬᠠᠮᠳᠤ᠂ ᠠᠶᠤᠯ ᠳᠤ ᠤᠴᠠᠷᠠᠵᠤ ᠮᠡᠳᠡᠬᠦ ᠬᠥᠮᠥᠰ ᠲᠤ ᠮᠡᠳᠡᠭᠳᠡᠬᠦ ᠭᠡᠷᠡᠭᠳᠡᠢ᠃ 
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1