ᠤᠯᠠᠭᠠᠨᠬᠠᠳᠠ ᠬᠤᠲᠠ ᠶᠢᠨ ᠶᠤᠸᠠᠨ ᠪᠤᠤ ᠱᠠᠨ ᠲᠣᠭᠤᠷᠢᠭ  ᠤᠨ ᠣᠷᠴᠢᠨ ᠲᠣᠭᠤᠷᠢᠨ ᠤ ᠬᠠᠮᠠᠭᠠᠯᠠᠯᠲᠠ ᠎ ᠶᠢᠨ ᠲᠣᠪᠴᠢᠶ᠎ᠠ ᠶᠢᠨ ᠵᠠᠰᠠᠭ ᠵᠠᠬᠢᠷᠭᠠᠨ ᠤ  ᠰᠢᠢᠳᠬᠡᠯ ᠲᠣᠷᠭᠠᠭᠤᠯᠢ ᠶᠢᠨ ᠲᠣᠭᠲᠠᠭᠠᠯ  ᠤᠨ ᠪᠢᠴᠢᠭ 21
ᠨᠡᠶᠢᠲᠡᠯᠡᠭᠰᠡᠨ ᠴᠠᠭ᠄
2019/7/7
ᠤᠯᠠᠭᠠᠨᠬᠠᠳᠠ ᠬᠤᠲᠠ ᠶᠢᠨ ᠶᠤᠸᠠᠨ ᠪᠤᠤ ᠱᠠᠨ ᠲᠣᠭᠤᠷᠢᠭ  ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ ᠶᠢᠨ ᠵᠠᠰᠠᠭ ᠵᠠᠬᠢᠷᠭᠠᠨ ᠤ  ᠰᠢᠢᠳᠬᠡᠯ ᠲᠣᠷᠭᠠᠭᠤᠯᠢ ᠶᠢᠨ ᠲᠣᠭᠲᠠᠭᠠᠯ  ᠤᠨ ᠪᠢᠴᠢᠭ      ᠶᠤᠸᠠᠨ  ᠣᠷᠴᠢᠨ ᠲᠣᠷᠭᠠᠬᠤ ᠥᠰᠥᠭ ﹇2019﹈ 21 ᠳ᠋ᠤᠭᠠᠷ ᠲᠣᠭᠠᠲᠤ     ᠤᠯᠠᠭᠠᠨᠬᠠᠳᠠ ᠬᠤᠲᠠ ᠶᠢᠨ ᠡᠬᠢ ᠪᠠᠶᠠᠯᠢᠭ ᠤᠨ ᠬᠡᠯᠪᠡᠷᠢ ᠶᠢᠨ ᠬᠤᠲᠠ ᠶᠢᠨ ᠠᠵᠤ ᠠᠬᠤᠢ ᠶᠢᠨ ᠬᠡᠯᠪᠡᠷᠢ ᠪᠠᠨ ᠬᠤᠪᠢᠷᠠᠭᠤᠯᠤᠨ ᠨᠡᠭᠡᠭᠡᠨ ᠬᠥᠭᠵᠢᠭᠦᠯᠬᠦ ᠲᠤᠷᠰᠢᠯᠲᠠ ᠶᠢᠨ  ᠲᠤᠭᠤᠷᠢᠭ ᠤᠨ ᠪᠣᠬᠢᠷ ᠤᠰᠤ ᠰᠢᠶᠳᠪᠦᠷᠢᠯᠡᠬᠦ ᠦᠶᠯᠡᠳᠪᠦᠷᠢ     ᠨᠡᠢᠭᠡᠮ ᠤᠨ ᠢᠲᠡᠭᠡᠮᠵᠢ ᠶᠢᠨ ᠺᠣᠳ᠋᠄ 121504030578277977    ᠬᠠᠶ᠋ᠢᠭ᠄  ᠶᠤᠸᠠᠨ ᠪᠤᠤ ᠱᠠᠨ ᠲᠤᠭᠤᠷᠢᠭ ᠤᠨ  ᠪᠤᠣ ᠱᠠᠨ ᠪᠠᠭᠠᠰᠤᠨ ᠤ ᠢᠦᠢ ᠬᠤᠸᠠᠩ ᠲᠤᠰᠬᠤᠨ    ᠬᠠᠤᠯᠢ  ᠶᠢᠨ ᠲᠥᠯᠥᠭᠡᠯᠡᠭᠴᠢ᠄   ᠯᠢ ᡁᠢ ᠶᠦᠩ     ᠮᠠᠨ ᠤ ᠲᠣᠪᠴᠢᠶ᠎ᠠ 2019 ᠣᠨ ᠤ 6 ᠰᠠᠷ᠎ᠠ ᠶᠢᠨ 10᠎ ᠤ ᠡᠳᠦᠷ ᠲᠠᠨ ᠤ ᠨᠢᠭᠡᠴᠢ ᠳᠤ  ᠪᠠᠶᠢᠴᠠᠭᠠᠯᠲᠠ ᠬᠢᠵᠦ᠂  ᠳᠣᠣᠷᠠᠬᠢ ᠮᠡᠲᠦ ᠣᠷᠴᠢᠨ ᠲᠣᠭᠤᠷᠢᠨ ᠤ ᠬᠠᠤᠯᠢ ᠠᠴᠠ ᠵᠥᠷᠢᠴᠡᠭᠰᠡᠨ ᠠᠵᠢᠯᠯᠠᠭ᠎ᠠ ᠬᠢᠭᠰᠡᠨ ᠢ ᠣᠯᠵᠤ ᠮᠡᠳᠡᠪᠡ᠄     ᠪᠠᠶᠢᠴᠠᠭᠠᠭᠰᠠᠨ ᠢᠶᠠᠷ᠂   ᠲᠠᠨ  ᠤ ᠨᠢᠭᠡᠴᠢ ᠶᠢᠨ 2019 ᠣᠨ  ᠤ 5 ᠰᠠᠷ᠎ᠠ ᠶᠢᠨ 《 ᠪᠠᠶᠢᠴᠠᠭᠠᠨ ᠰᠢᠯᠭᠠᠭᠰᠠᠨ ᠮᠡᠳᠡᠭᠦᠯᠦᠯᠲᠡ 》᠎ ᠳᠤ ᠢᠯᠡᠷᠡᠭᠦᠯᠦᠭᠰᠡᠨ ᠢᠶᠠᠷ᠂ ᠤᠰᠤ ᠭᠠᠷᠬᠤ ᠠᠮᠠᠰᠠᠷ ᠢ ᠰᠢᠢᠳᠪᠦᠷᠢᠯᠡᠭᠰᠡᠨ ᠤ ᠳᠠᠷᠠᠭᠠᠬᠢ ᠪᠣᠬᠢᠷ ᠤᠰᠤ ᠶᠢ ᠬᠢᠨᠠᠨ ᠬᠡᠮᠵᠢᠭᠰᠡᠨ ᠦᠷ᠎ᠡ ᠳ᠋ᠦᠩ ᠤᠨ ᠶᠡᠷᠦᠩᠬᠡᠶ ᠠᠽᠣᠲ 29. 7 m g / L ᠪᠠᠶᠢᠵᠤ᠂ 《 ᠬᠤᠲᠠ ᠪᠠᠯᠭᠠᠰᠤᠨ ᠤ ᠪᠣᠬᠢᠷ ᠤᠰᠤ ᠰᠢᠶᠳᠪᠦᠷᠢᠯᠡᠬᠦ ᠦᠶᠯᠡᠳᠪᠦᠷᠢ ᠶᠢᠨ ᠪᠣᠬᠢᠷᠲᠤᠯ ᠪᠣᠳᠠᠰ ᠭᠠᠳᠠᠭᠰᠢᠯᠠᠭᠤᠯᠬᠤ ᠪᠠᠷᠢᠮᠵᠢᠶ᠎ᠠ 》 ( G B 18918 - 2002 )᠎ ᠶᠢᠨ ᠨᠢᠭᠡᠳᠦᠭᠡᠷ ᠲᠡᠰ ᠤᠨ A ᠪᠠᠷᠢᠮᠵᠢᠶ᠎ᠠ ᠎ ᠠᠴᠠ ᠳᠠᠪᠠᠵᠤ᠂ 0.98 ᠳᠠᠬᠢᠨ ᠪᠣᠯᠪᠠ᠃     ᠳᠡᠭᠡᠷᠡᠬᠢ ᠪᠣᠳᠠᠲᠤ ᠶᠠᠪᠤᠳᠠᠯ ᠳᠤ ᠳᠣᠣᠷ᠎ᠠ ᠵᠢᠭᠰᠠᠭᠠᠭᠰᠠᠨ ᠭᠡᠷᠡᠴᠢ ᠪᠠᠷᠢᠮᠲᠠ ᠪᠠᠷ ᠦᠨᠳᠦᠰᠦᠯᠡᠯ ᠪᠣᠯᠭᠠᠨ᠎ᠠ᠄    1 . 2019 ᠣᠨ ᠤ 6 ᠳ᠋ᠤᠭᠠᠷ ᠰᠠᠷ᠎ᠠ ᠶᠢᠨ 10᠎ ᠤ ᠡᠳᠦᠷ ᠤᠨ ︽ᠤᠯᠠᠭᠠᠨᠬᠠᠳᠠ ᠬᠤᠲᠠ ᠶᠢᠨ ᠶᠤᠸᠠᠨ  ᠪᠤᠤ ᠱᠠᠨ ᠲᠣᠭᠤᠷᠢᠭ  ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ ᠶᠢᠨ ᠲᠤᠬᠠᠶ ᠶᠢᠨ ᠲᠠᠯᠠᠪᠤᠷ ᠤᠨ ᠪᠠᠶᠢᠴᠠᠭᠠᠯᠲᠠ ᠶᠢᠨ ᠲᠡᠮᠳᠡᠭᠯᠡᠯ︾᠃    2 . 2019 ᠣᠨ ᠤ 6 ᠳ᠋ᠤᠭᠠᠷ ᠰᠠᠷ᠎ᠠ ᠶᠢᠨ 9᠎ ᠤ ᠡᠳᠦᠷ ᠤᠨ ︽ᠤᠯᠠᠭᠠᠨᠬᠠᠳᠠ ᠬᠤᠲᠠ ᠶᠢᠨ ᠶᠤᠸᠠᠨ  ᠪᠤᠤ ᠱᠠᠨ ᠲᠣᠭᠤᠷᠢᠭ  ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ ᠶᠢᠨ ᠲᠤᠬᠠᠶ ᠶᠢᠨ ᠲᠠᠯᠠᠪᠤᠷ ᠤᠨ ᠪᠠᠶᠢᠴᠠᠭᠠᠨ ᠠᠰᠠᠭᠤᠭᠰᠠᠨ ᠲᠡᠮᠳᠡᠭᠯᠡᠯ︾᠃    3᠂   2019 ᠣᠨ  ᠤ 5 ᠰᠠᠷ᠎ᠠ ᠶᠢᠨ 30᠎ ᠤ ᠡᠳᠦᠷ ᠤᠯᠠᠭᠠᠨᠬᠠᠳᠠ ᠶᠢᠨ ᠯᠢᠦᠶ ᠺᠠᠩ ᠣᠷᠴᠢᠨ ᠲᠣᠭᠤᠷᠢᠨ ᠢ  ᠪᠠᠶᠢᠴᠠᠭᠠᠨ ᠰᠢᠯᠭᠠᠬᠤ ᠬᠢᠵᠠᠭᠠᠷᠲᠤ ᠺᠣᠮᠫᠠᠨᠢ ᠶᠢᠨ ᠭᠠᠷᠭᠠᠭᠰᠠᠨ ︽ ᠪᠠᠶᠢᠴᠠᠭᠠᠨ ᠰᠢᠯᠭᠠᠭᠰᠠᠨ ᠮᠡᠳᠡᠭᠦᠯᠦᠯᠲᠡ︾᠃     ᠭᠡᠷᠡᠴᠢ ᠪᠠᠷᠢᠮᠲᠠ 1 - 3  ᠎ ᠨᠢ ᠲᠠᠨ  ᠤ ᠨᠢᠭᠡᠴᠢ ᠶᠢᠨ ᠤᠰᠤ ᠭᠠᠷᠬᠤ ᠠᠮᠠᠰᠠᠷ ᠢ ᠰᠢᠢᠳᠪᠦᠷᠢᠯᠡᠭᠰᠡᠨ ᠤ ᠳᠠᠷᠠᠭᠠᠬᠢ ᠪᠣᠬᠢᠷ ᠤᠰᠤ ᠶᠢ ᠬᠢᠨᠠᠨ ᠬᠡᠮᠵᠢᠭᠰᠡᠨ ᠦᠷ᠎ᠡ ᠳ᠋ᠦᠩ ᠤᠨ ᠶᠡᠷᠦᠩᠬᠡᠶ ᠠᠽᠣᠲ 29. 7 m g / L ᠪᠣᠯᠬᠤ ᠶᠢ ᠭᠡᠷᠡᠴᠢᠯᠡᠵᠦ᠂ 《 ᠬᠤᠲᠠ ᠪᠠᠯᠭᠠᠰᠤᠨ ᠤ ᠪᠣᠬᠢᠷ ᠤᠰᠤ ᠰᠢᠶᠳᠪᠦᠷᠢᠯᠡᠬᠦ ᠦᠶᠯᠡᠳᠪᠦᠷᠢ ᠶᠢᠨ ᠪᠣᠬᠢᠷᠲᠤᠯ ᠪᠣᠳᠠᠰ ᠭᠠᠳᠠᠭᠰᠢᠯᠠᠭᠤᠯᠬᠤ ᠪᠠᠷᠢᠮᠵᠢᠶ᠎ᠠ 》 ( G B 18918 - 2002 )᠎ ᠶᠢᠨ ᠨᠢᠭᠡᠳᠦᠭᠡᠷ ᠲᠡᠰ ᠤᠨ A ᠪᠠᠷᠢᠮᠵᠢᠶ᠎ᠠ ᠠᠴᠠ ᠳᠠᠪᠠᠵᠤ᠂ 0.98 ᠳᠠᠬᠢᠨ ᠪᠣᠯᠬᠤ ᠶᠢ ᠭᠡᠷᠡᠴᠢᠯᠡᠵᠦ ᠪᠤᠢ᠃     4᠂  《 ᠠᠵᠢᠯ ᠦᠢᠯᠡᠰ ᠤᠨ ᠨᠢᠭᠡᠴᠡ ᠶᠢᠨ ᠬᠠᠤᠯᠢ ᠡᠷᠬᠡᠲᠡᠨ ᠤ ᠦᠨᠡᠮᠯᠡᠯ ( ᠬᠠᠭᠤᠯᠪᠤᠷᠢ ᠳᠡᠪᠲᠡᠷ ) 》 ᠎ ᠤᠨ ᠪᠠᠭᠤᠯᠭᠠᠪᠤᠷᠢ᠃      ᠭᠡᠷᠡᠴᠢ ᠪᠠᠷᠢᠮᠲᠠ 4 ᠣᠷᠴᠢᠨ ᠠᠬᠤᠢ ᠶᠢᠨ ᠬᠠᠤᠯᠢ ᠶᠢ ᠵᠥᠷᠢᠴᠡᠭᠰᠡᠨ ᠪᠡᠶᠡᠴᠢ ᠴᠣᠭᠴᠠ ᠪᠣᠯ  ᠤᠯᠠᠭᠠᠨᠬᠠᠳᠠ ᠬᠤᠲᠠ ᠶᠢᠨ ᠡᠬᠢ ᠪᠠᠶᠠᠯᠢᠭ ᠤᠨ ᠬᠡᠯᠪᠡᠷᠢ ᠶᠢᠨ ᠬᠤᠲᠠ ᠶᠢᠨ ᠠᠵᠤ ᠠᠬᠤᠢ ᠶᠢᠨ ᠬᠡᠯᠪᠡᠷᠢ ᠪᠠᠨ ᠬᠤᠪᠢᠷᠠᠭᠤᠯᠤᠨ ᠨᠡᠭᠡᠭᠡᠨ ᠬᠥᠭᠵᠢᠭᠦᠯᠬᠦ ᠲᠤᠷᠰᠢᠯᠲᠠ ᠶᠢᠨ  ᠲᠤᠭᠤᠷᠢᠭ ᠤᠨ ᠪᠣᠬᠢᠷ ᠤᠰᠤ ᠰᠢᠶᠳᠪᠦᠷᠢᠯᠡᠬᠦ ᠦᠶᠯᠡᠳᠪᠦᠷᠢ  ᠂ ᠬᠠᠤᠯᠢ ᠶᠢᠨ ᠲᠦᠯᠦᠭᠡᠯᠡᠭᠴᠢ ᠨᠢ ᠯᠢ ᠶᠦᠩ ᠵᠢᠶᠦ᠋ᠨ ᠪᠤᠯᠬᠤ ᠶᠢ ᠭᠡᠷᠡᠴᠢᠯᠡᠵᠦ ᠪᠤᠢ᠃      ᠲᠠᠨ  ᠤ ᠨᠢᠭᠡᠴᠢ ᠶᠢᠨ ᠳᠡᠭᠡᠷ᠎ᠡ ᠳᠤᠷᠠᠳᠤᠭᠰᠠᠨ ᠦᠢᠯᠡ ᠠᠵᠢᠯᠯᠠᠭ᠎ᠠ ᠨᠢ  《 ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠤᠰᠤᠨ ᠤ ᠪᠣᠬᠢᠷᠲᠤᠯ ᠢ ᠰᠡᠷᠭᠡᠶᠢᠯᠡᠨ ᠵᠠᠰᠠᠬᠤ ᠬᠠᠤᠯᠢ 》᠎ ᠶᠢᠨ ᠠᠷᠪᠠᠳᠤᠭᠠᠷ ᠵᠦᠶᠯ ᠪᠣᠯᠬᠤ 《 ᠤᠰᠤ ᠪᠣᠬᠢᠷᠲᠤᠭᠤᠯᠬᠤ ᠪᠣᠳᠠᠰ ᠭᠠᠳᠠᠭᠰᠢᠯᠠᠭᠤᠯᠬᠤ ᠳᠠᠭᠠᠨ ᠤᠯᠤᠰ ᠪᠤᠶᠤ ᠣᠷᠣᠨ ᠨᠤᠲᠤᠭ ᠤᠨ ᠲᠣᠭᠲᠠᠭᠠᠭᠰᠠᠨ ᠤᠰᠤ ᠪᠣᠬᠢᠷᠲᠤᠭᠤᠯᠬᠤ ᠪᠣᠳᠠᠰ ᠭᠠᠳᠠᠭᠰᠢᠯᠠᠭᠤᠯᠬᠤ ᠪᠠᠷᠢᠮᠵᠢᠶ᠎ᠠ ᠪᠠ ᠭᠤᠤᠯᠳᠠᠯᠭ᠎ᠠ ᠲᠠᠢ ᠤᠰᠤ ᠪᠣᠬᠢᠷᠲᠤᠭᠤᠯᠬᠤ ᠪᠣᠳᠠᠰ ᠭᠠᠳᠠᠭᠰᠢᠯᠠᠭᠤᠯᠬᠤ ᠶᠡᠷᠦᠩᠬᠡᠶ ᠬᠡᠮᠵᠢᠶ᠎ᠡ ᠶᠢ ᠬᠢᠵᠠᠭᠠᠷᠯᠠᠬᠤ ᠭᠦᠶᠴᠡᠳᠬᠡᠯ ᠲᠤᠭ᠎ᠠ ᠠᠴᠠ ᠬᠡᠲᠦᠷᠡᠭᠦᠯᠵᠦ ᠪᠣᠯᠬᠤ ᠦᠭᠡᠢ᠃︾   ᠭᠡᠬᠦ ᠲᠤᠭᠲᠠᠭᠠᠯ ᠢ ᠵᠦᠷᠢᠴᠡᠵᠡᠢ᠃      ᠮᠠᠨ ᠤ ᠲᠣᠪᠴᠢᠶ᠎ᠠ 2019 ᠣᠨ ᠤ 6 ᠳ᠋ᠤᠭᠠᠷ ᠰᠠᠷ᠎ᠠ ᠶᠢᠨ 11᠎ ᠤ ᠡᠳᠦᠷ ︽ᠤᠯᠠᠭᠠᠨᠬᠠᠳᠠ ᠬᠤᠲᠠ ᠶᠢᠨ ᠶᠤᠸᠠᠨ  ᠪᠤᠤ ᠱᠠᠨ ᠲᠣᠭᠤᠷᠢᠭ  ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ ᠶᠢᠨ ᠵᠠᠰᠠᠭ ᠵᠠᠬᠢᠷᠭᠠᠨ ᠎ ᠤ  ᠰᠢᠢᠳᠬᠡᠯ ᠲᠣᠷᠭᠠᠭᠤᠯᠢ ᠳᠤ ᠤᠷᠢᠳᠴᠢᠯᠠᠨ ᠮᠡᠳᠡᠭᠳᠡᠬᠦ ᠪᠢᠴᠢᠭ︾ ︵ᠶᠤᠸᠠᠨ  ᠣᠷᠴᠢᠨ ᠮᠡᠳᠡᠭᠳᠡᠬᠦ ᠥᠰᠥᠭ ﹇2019﹈ 21  ᠳ᠋ᠤᠭᠠᠷ ᠲᠣᠭᠠᠲᠤ︶ ᠪᠠ ︽ᠤᠯᠠᠭᠠᠨᠬᠠᠳᠠ ᠬᠤᠲᠠ ᠶᠢᠨ ᠶᠤᠸᠠᠨ  ᠪᠤᠤ ᠱᠠᠨ ᠲᠣᠭᠤᠷᠢᠭ  ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ ᠶᠢᠨ ᠵᠠᠰᠠᠭ ᠵᠠᠬᠢᠷᠭᠠᠨ ᠤ  ᠰᠢᠢᠳᠬᠡᠯ ᠲᠣᠷᠭᠠᠭᠤᠯᠢ ᠶᠢᠨ ᠭᠡᠷᠡᠴᠢᠯᠡᠭᠡ ᠰᠣᠨᠣᠰᠬᠤ ᠶᠢ ᠮᠡᠳᠡᠭᠳᠡᠬᠦ ᠪᠢᠴᠢᠭ︾ ︵ᠶᠤᠸᠠᠨ  ᠣᠷᠴᠢᠨ  ᠰᠣᠨᠣᠰᠬᠤ ᠥᠰᠥᠭ ﹇2019﹈ 21 ᠳ᠋ᠤᠭᠠᠷ ᠲᠣᠭᠠᠲᠤ︶᠎ ᠢᠶᠠᠷ ᠲᠠᠨ  ᠤ ᠨᠢᠭᠡᠴᠢ ᠳᠤ ᠲᠣᠭᠠᠴᠢᠨ ᠲᠣᠳᠣᠷᠬᠠᠶᠢᠯᠠᠬᠤ ᠡᠷᠬᠡ ᠪᠠ ᠭᠡᠷᠡᠴᠢᠯᠡᠭᠡ ᠰᠣᠨᠣᠰᠬᠤ ᠎ ᠶᠢ ᠭᠤᠶᠤᠴᠢᠯᠠᠬᠤ ᠡᠷᠬᠡ ᠲᠠᠢ ᠭᠡᠵᠦ ᠮᠡᠳᠡᠭᠳᠡᠪᠡ᠃ ᠲᠠᠨ  ᠤ ᠨᠢᠭᠡᠴᠢ ᠲᠣᠭᠲᠠᠭᠰᠠᠨ ᠬᠤᠭᠤᠴᠠᠭᠠᠨ ᠳᠣᠲᠣᠷ᠎ᠠ ᠪᠢᠴᠢᠭ  ᠮᠠᠲ᠋ᠧᠷᠢᠶᠠᠯ ᠤᠨ ᠲᠣᠭᠠᠴᠢᠯᠲᠠ ᠬᠢᠵᠦ ᠵᠥᠪᠲᠡᠭᠡᠨ ᠲᠣᠳᠣᠷᠬᠠᠶᠢᠯᠠᠭᠰᠠᠨ ᠦᠭᠡᠢ ᠪᠥᠭᠡᠳ ᠭᠡᠷᠡᠴᠢᠯᠡᠭᠡ ᠰᠣᠨᠣᠰᠬᠤ ᠭᠤᠶᠤᠴᠢᠯᠠᠯ ᠴᠤ ᠳᠤᠷᠠᠳᠤᠭᠰᠠᠨ ᠦᠭᠡᠢ᠃   《 ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠤᠰᠤᠨ ᠤ ᠪᠣᠬᠢᠷᠲᠤᠯ ᠢ ᠰᠡᠷᠭᠡᠶᠢᠯᠡᠨ ᠵᠠᠰᠠᠬᠤ ᠬᠠᠤᠯᠢ 》᠎ ᠶᠢᠨ ᠨᠢᠭᠡᠳᠦᠭᠡᠷ ᠵᠦᠶᠯ ᠤᠨ ( ᠬᠤᠶᠠᠷ ) ᠳ᠋ᠤᠭᠠᠷ ᠵᠤᠷᠪᠤᠰ ᠪᠣᠯᠬᠤ《 ᠤᠰᠤ ᠪᠣᠬᠢᠷᠲᠤᠭᠤᠯᠬᠤ ᠪᠣᠳᠠᠰ ᠭᠠᠳᠠᠭᠰᠢᠯᠠᠭᠤᠯᠬᠤ ᠪᠠᠷᠢᠮᠵᠢᠶ᠎ᠠ ᠠᠴᠠ ᠬᠡᠲᠦᠷᠡᠭᠰᠡᠨ ᠪᠤᠶᠤ ᠭᠤᠤᠯᠳᠠᠯᠭ᠎ᠠ ᠲᠠᠢ ᠤᠰᠤ ᠪᠣᠬᠢᠷᠲᠤᠭᠤᠯᠬᠤ ᠪᠣᠳᠠᠰ ᠭᠠᠳᠠᠭᠰᠢᠯᠠᠭᠤᠯᠬᠤ ᠶᠡᠷᠦᠩᠬᠡᠶ ᠬᠡᠮᠵᠢᠶ᠎ᠡ ᠶᠢ ᠬᠢᠵᠠᠭᠠᠷᠯᠠᠬᠤ ᠭᠦᠶᠴᠡᠳᠬᠡᠯ ᠲᠤᠭ᠎ᠠ ᠠᠴᠠ ᠬᠡᠲᠦᠷᠡᠭᠦᠯᠦᠨ ᠤᠰᠤ ᠪᠣᠬᠢᠷᠲᠤᠭᠤᠯᠬᠤ ᠪᠣᠳᠠᠰ ᠭᠠᠳᠠᠭᠰᠢᠯᠠᠭᠤᠯᠤᠭᠰᠠᠨ  ᠪᠠᠶᠢᠪᠠᠯ᠂ ᠰᠢᠶᠠᠨ ᠤ ᠱᠠᠲᠤᠨ ᠠᠴᠠ ᠳᠡᠭᠡᠭᠰᠢᠬᠢ ᠠᠷᠠᠳ ᠤᠨ ᠵᠠᠰᠠᠭ  ᠤᠨ ᠣᠷᠳᠣᠨ ᠤ ᠣᠷᠴᠢᠨ  ᠲᠤᠭᠤᠷᠢᠨ ᠤ ᠬᠠᠮᠠᠭᠠᠯᠠᠯᠲᠠ ᠶᠢᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠎ ᠠᠴᠠ ᠵᠠᠷᠯᠢᠭᠳᠠᠨ ᠵᠠᠯᠠᠷᠠᠭᠤᠯᠤᠭᠤᠯᠬᠤ ᠪᠤᠶᠤ ᠵᠠᠷᠯᠢᠭᠳᠠᠵᠤ ᠪᠠᠶᠢᠭᠠᠳ ᠦᠶᠯᠡᠳᠪᠦᠷᠢᠯᠡᠯ ᠢ ᠨᠢ ᠬᠢᠵᠠᠭᠠᠷᠯᠠᠨ ᠴᠡᠭᠴᠡᠯᠡᠭᠦᠯᠵᠦ᠂ ᠠᠷᠪᠠᠨ ᠲᠦᠮᠡᠨ ᠲᠥᠭᠦᠷᠢᠭ ᠠᠴᠠ ᠳᠡᠭᠡᠭᠰᠢ ᠵᠠᠭᠤᠨ ᠲᠦᠮᠡᠨ ᠲᠥᠭᠦᠷᠢᠭ ᠠᠴᠠ ᠳᠣᠭᠤᠭᠰᠢ ᠵᠣᠭᠤᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠢᠳᠬᠡᠨ᠎ᠡ  ᠃ ᠦᠢᠯᠡ  ᠪᠠᠶᠢᠳᠠᠯ ᠨᠢ ᠬᠦᠨᠳᠦ ᠨᠣᠴᠢᠲᠠᠶ  ᠪᠠᠶᠢᠪᠠᠯ᠂ ᠵᠥᠪᠰᠢᠶᠡᠷᠡᠬᠦ ᠡᠷᠬᠡ ᠪᠦᠬᠦᠢ ᠠᠷᠠᠳ ᠤᠨ ᠵᠠᠰᠠᠭ  ᠤᠨ ᠣᠷᠳᠣᠨ ᠳᠤ ᠮᠡᠳᠡᠭᠦᠯᠵᠦ ᠵᠥᠪᠰᠢᠶᠡᠷᠡᠭᠦᠯᠦᠭᠡᠳ᠂ ᠵᠠᠷᠯᠢᠭᠳᠠᠵᠤ ᠪᠠᠶᠢᠭᠠᠳ ᠠᠵᠢᠯ ᠢ ᠨᠢ ᠵᠣᠭᠰᠣᠭᠠᠵᠤ᠂ ᠡᠭᠦᠳᠡ ᠶᠢ ᠨᠢ ᠬᠠᠭᠠᠯᠭᠠᠨ᠎ᠠ᠃︾ ᠭᠡᠬᠦ ᠲᠣᠭᠲᠠᠭᠠᠯ  ᠢ  ᠦᠨᠳᠦᠰᠦᠯᠡᠵᠦ᠂ ᠲᠠᠨ  ᠤ ᠪᠠᠶᠢᠭᠤᠯᠭ᠎ᠠ ᠨᠢ 2019 ᠣᠨ ᠳᠤ ᠣᠯᠠᠨ ᠤᠳᠠᠭ᠎ᠠ  ᠳᠡᠭᠡᠷᠡᠬᠢ ᠪᠠᠶᠢᠳᠠᠯ ᠢ ᠭᠠᠷᠭᠠᠵᠤ ᠂ ᠤᠳᠤ ᠶᠠᠭ ᠮᠡᠷᠭᠡᠵᠢᠯ ᠤᠨ ᠥᠭᠡᠷᠡᠴᠢᠯᠡᠯᠲᠡ ᠬᠢᠵᠦ ᠪᠠᠶᠢᠬᠤ ᠲᠤᠯᠠ᠂ ᠮᠠᠨ ᠤ ᠲᠣᠪᠴᠢᠶ᠎ᠠ ᠲᠠᠨ  ᠤ ᠨᠢᠭᠡᠴᠢ ᠳᠤ ᠳᠣᠤᠷᠠᠬᠢ ᠮᠡᠲᠦ ᠵᠠᠰᠠᠭ ᠵᠠᠬᠢᠷᠭᠠᠨ ᠤ ᠰᠢᠢᠳᠬᠡᠯ ᠥᠭᠬᠦ ᠪᠠᠷ ᠲᠣᠭᠲᠠᠪᠠ᠄    ᠠᠷᠠᠳ ᠤᠨ ᠵᠣᠭᠤᠰ ᠬᠤᠷᠢᠨ ᠲᠠᠪᠤᠨ ᠲᠦᠮᠡᠨ ᠲᠥᠭᠦᠷᠢᠭ  ᠪᠦᠬᠦᠯᠢ  ︵¥ 250 , 000.00  ︶᠎ ᠢᠶᠠᠷ ᠲᠣᠷᠭᠠᠨ᠎ᠠ᠃     ᠲᠤᠰ ᠰᠢᠢᠳᠬᠡᠯ ᠢ ᠣᠯᠤᠭᠰᠠᠨ ᠡᠳᠦᠷ ᠠᠴᠠ ᠡᠬᠢᠯᠡᠨ ᠠᠷᠪᠠᠨ ᠲᠠᠪᠤᠨ ᠡᠳᠦᠷ ᠤᠨ ᠳᠣᠲᠣᠷ᠎ᠠ ᠵᠢᠭᠠᠨ ᠲᠣᠭᠲᠠᠭᠠᠭᠰᠠᠨ ᠪᠠᠩᠬᠢ ᠳᠤ ᠲᠤᠰᠢᠶᠠᠬᠤ ᠬᠡᠷᠡᠭᠲᠡᠶ᠃ ᠬᠤᠭᠤᠴᠠᠭ᠎ᠠ ᠬᠡᠲᠦᠷᠡᠲᠡᠯ᠎ᠡ ᠲᠣᠷᠭᠠᠭᠤᠯᠢ ᠶᠢᠨ ᠵᠣᠭᠤᠰ ᠢ ᠲᠤᠰᠢᠶᠠᠭᠰᠠᠨ ᠦᠭᠡᠢ  ᠪᠠᠶᠢᠪᠠᠯ᠂ 《 ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ  ᠤᠨ ᠵᠠᠰᠠᠭ ᠵᠠᠬᠢᠷᠭᠠᠨ ᠤ  ᠰᠢᠢᠳᠬᠡᠯ ᠤᠨ ᠬᠠᠤᠯᠢ 》᠎ ᠶᠢᠨ ᠲᠠᠪᠢᠨ ᠨᠢᠭᠡᠳᠦᠭᠡᠷ ᠵᠦᠢᠯ ᠤᠨ ( ᠨᠢᠭᠡ ) ᠳ᠋ᠦ᠋ᠭᠡᠷ ᠵᠤᠷᠪᠤᠰ ᠤᠨ ᠲᠣᠭᠲᠠᠭᠠᠯ  ᠢ ᠦᠨᠳᠦᠰᠦᠯᠡᠨ᠂ ᠡᠳᠦᠷ ᠪᠦᠷᠢ ᠲᠣᠷᠭᠠᠭᠤᠯᠢ ᠶᠢᠨ ᠵᠣᠭᠤᠰ ᠤᠨ ᠲᠣᠭᠠᠨ ᠤ ᠵᠠᠭᠤᠨ ᠤ ᠭᠤᠷᠪᠠ ᠪᠠᠷ  ᠲᠣᠷᠭᠠᠬᠤ ᠎ ᠪᠠᠷ ᠨᠡᠮᠡᠵᠦ  ᠰᠢᠢᠳᠬᠡᠨ᠎ᠡ᠃     ᠵᠣᠭᠤᠰ ᠬᠤᠷᠢᠶᠠᠬᠤ ᠪᠠᠩᠬᠢ᠄ ᠳᠤᠮᠳᠠᠳᠤ ᠤᠯᠤᠰ  ᠤᠨ ᠪᠠᠩᠬᠢ ᠶᠢᠨ ᠶᠤᠸᠠᠨ   ᠪᠤᠤ ᠱᠠᠨ ᠲᠣᠭᠤᠷᠢᠭ  ᠤᠨ ᠰᠠᠯᠪᠤᠷᠢ ᠪᠠᠩᠬᠢ    ᠡᠷᠦᠬᠡ ᠶᠢᠨ ᠨᠡᠷ᠎ᠡ᠄ ᠤᠯᠠᠭᠠᠨᠬᠠᠳᠠ ᠬᠤᠲᠠ ᠶᠢᠨ ᠶᠤᠸᠠᠨ  ᠪᠤᠤ ᠱᠠᠨ ᠲᠣᠭᠤᠷᠢᠭ  ᠤᠨ ᠣᠷᠴᠢᠨ ᠲᠣᠭᠤᠷᠢᠨ ᠎ ᠤ ᠬᠠᠮᠠᠭᠠᠯᠠᠯᠲᠠ ᠶᠢᠨ ᠲᠣᠪᠴᠢᠶ᠎ᠠ    ᠳᠠᠩᠰᠠᠨ ᠨᠣᠮᠧᠷ᠄ 150800911581    ᠲᠠᠨ  ᠤ ᠨᠢᠭᠡᠴᠢ ᠬᠡᠷᠪᠡ ᠲᠤᠰ  ᠰᠢᠢᠳᠬᠡᠯ ᠤᠨ ᠲᠣᠭᠲᠠᠭᠠᠯ  ᠢ ᠵᠥᠪᠰᠢᠶᠡᠷᠡᠬᠦ ᠥᠬᠡᠶ ᠪᠣᠯ᠂ ᠲᠤᠰ  ᠰᠢᠢᠳᠬᠡᠯ ᠤᠨ ᠲᠣᠭᠲᠠᠭᠠᠯ  ᠤᠨ ᠪᠢᠴᠢᠭ ᠢ ᠣᠯᠤᠭᠰᠠᠨ ᠡᠳᠦᠷ ᠠᠴᠠ ᠡᠬᠢᠯᠡᠨ ᠵᠢᠷᠠᠨ ᠡᠳᠦᠷ ᠤᠨ ᠳᠣᠲᠣᠷ᠎ᠠ ᠶᠤᠸᠠᠨ ᠪᠤᠤ ᠱᠠᠨ ᠲᠣᠭᠤᠷᠢᠭ  ᠤᠨ ᠠᠷᠠᠳ ᠤᠨ ᠵᠠᠰᠠᠭ  ᠤᠨ ᠣᠷᠳᠣᠨ ᠪᠤᠶᠤ ᠤᠯᠠᠭᠠᠨᠬᠠᠳᠠ ᠬᠤᠲᠠ ᠶᠢᠨ ᠠᠮᠢ ᠠᠬᠤᠢ  ᠣᠷᠴᠢᠨ ᠲᠣᠭᠤᠷᠢᠨ ᠤ ᠲᠣᠪᠴᠢᠶ᠎ᠠ ᠳᠤ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠵᠤ ᠪᠣᠯᠤᠨ᠎ᠠ᠂  ᠪᠠᠰᠠ‌ᠵᠢᠷᠭᠤᠭᠠᠨ ᠰᠠᠷ᠎ᠠ ᠶᠢᠨ ᠳᠣᠲᠣᠷ᠎ᠠ ᠶᠤᠸᠠᠨ  ᠪᠤᠤ ᠱᠠᠨ ᠲᠣᠭᠤᠷᠢᠭ  ᠤᠨ ᠠᠷᠠᠳ ᠤᠨ ᠰᠢᠭᠦᠬᠦ ᠬᠤᠷᠢᠶ᠎ᠠ ᠳᠤ ᠵᠠᠰᠠᠭ ᠵᠠᠬᠢᠷᠭᠠᠨ ᠤ ᠵᠠᠭᠠᠯᠳᠤᠯᠭ᠎ᠠ ᠭᠠᠷᠭᠠᠭᠰᠠᠨ ᠴᠤ ᠪᠣᠯᠤᠨ᠎ᠠ᠃ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠤᠶᠤ ᠵᠠᠰᠠᠭ ᠵᠠᠬᠢᠷᠭᠠᠨ ᠤ ᠵᠠᠭᠠᠯᠳᠤᠯᠭ᠎ᠠ ᠭᠠᠷᠭᠠᠬᠤ ᠳᠤ ᠵᠠᠰᠠᠭ ᠵᠠᠬᠢᠷᠭᠠᠨ ᠤ  ᠰᠢᠢᠳᠬᠡᠯ ᠤᠨ ᠲᠣᠭᠲᠠᠭᠠᠯ  ᠢ ᠬᠡᠷᠡᠭᠵᠢᠭᠦᠯᠬᠦ ᠶᠢ ᠵᠣᠭᠰᠣᠭᠠᠬᠤ ᠦᠭᠡᠢ᠃    ᠬᠤᠭᠤᠴᠠᠭ᠎ᠠ ᠬᠡᠲᠦᠷᠡᠲᠡᠯ᠎ᠡ ᠵᠠᠰᠠᠭ ᠵᠠᠬᠢᠷᠭᠠᠨ ᠤ ᠳᠠᠬᠢᠨ ᠵᠥᠪᠯᠡᠭᠦᠯᠬᠦ ᠭᠤᠶᠤᠴᠢᠯᠠᠯ ᠭᠠᠷᠭᠠᠭᠰᠠᠨ ᠦᠭᠡᠢ᠂ ᠵᠠᠰᠠᠭ ᠵᠠᠬᠢᠷᠭᠠᠨ ᠤ ᠵᠠᠭᠠᠯᠳᠤᠯᠭ᠎ᠠ  ᠬᠢᠭᠰᠡᠨ ᠦᠭᠡᠢ ᠪᠥᠭᠡᠳ ᠲᠤᠰ   ᠰᠢᠢᠳᠬᠡᠯ ᠤᠨ ᠲᠣᠭᠲᠠᠭᠠᠯ  ᠢ ᠴᠤ ᠭᠦᠢᠴᠡᠳᠬᠡᠭᠰᠡᠨ ᠦᠭᠡᠢ  ᠪᠠᠶᠢᠪᠠᠯ‌‍ᠯ᠂ ᠮᠠᠨ ᠤ ᠲᠣᠪᠴᠢᠶ᠎ᠠ ᠬᠠᠤᠯᠢ ᠶᠣᠰᠣᠭᠠᠷ ᠠᠷᠠᠳ ᠤᠨ ᠰᠢᠭᠦᠬᠦ ᠬᠤᠷᠢᠶᠠᠨ ᠳᠤ ᠭᠤᠶᠤᠴᠢᠯᠠᠯ ᠭᠠᠷᠭᠠᠵᠤ ᠠᠯᠪᠠᠳᠠᠨ ᠭᠦᠢᠴᠡᠳᠬᠡᠭᠦᠯᠦᠨ᠎ᠡ᠃       ᠤᠯᠠᠭᠠᠨᠬᠠᠳᠠ ᠬᠤᠲᠠ ᠶᠢᠨ ᠶᠤᠸᠠᠨ  ᠪᠤᠣ ᠱᠠᠨ ᠲᠣᠭᠤᠷᠢᠭ ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ           2019 ᠣᠨ 6 ᠳ᠋ᠤᠭᠠᠷ ᠰᠠᠷ᠎ᠠ 20᠎ ᠤ ᠡᠳᠦᠷ
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1