ᠰᠢ ᠶᠢᠨ ᠫᠢᠩ ᠰᠤᠯᠤᠩᠭᠤᠰ ᠤᠨ ᠬᠥᠳᠡᠯᠮᠤᠷᠢᠴᠢᠨ ᠤ ᠨᠠᠮ ᠤᠨ ᠬᠤᠷᠢᠶᠠᠨ ᠲᠠᠷᠤᠭ᠎ᠠ ᠶᠢᠨ ᠵᠧᠩ ᠡᠸ᠋ᠨ ᠲᠠᠢ ᠬᠡᠯᠡᠯᠴᠡᠭᠡ ᠬᠢᠪᠠ
ᠨᠡᠶᠢᠲᠡᠯᠡᠭᠰᠡᠨ ᠴᠠᠭ᠄
2019/2/17
      ᠰᠢᠨᠬᠤᠸᠠ ᠬᠤᠷᠢᠶᠠᠨ ᠤ ᠪᠡᠭᠡᠵᠢᠩ ᠤᠨ 1 ᠰᠠᠷ᠎ᠠ ᠶᠢᠨ 10᠎ ᠤ ᠡᠳᠤᠷ ᠤᠨ ᠮᠡᠳᠡᠭᠡ ︵ᠰᠤᠷᠪᠤᠯᠵᠢᠯᠠᠭᠴᠢ ᠯᠢ ᠵᠦᠩ ᠹᠠ︶ 1 ᠰᠠᠷ᠎ᠠ ᠶᠢᠨ 8᠎ ᠤ ᠡᠳᠤᠷ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶᠠᠨ ᠤ ᠶᠡᠷᠤᠩᠭᠡᠢ ᠱᠦᠵᠢ᠂ ᠤᠯᠤᠰ ᠤᠨ ᠲᠡᠷᠢᠬᠦᠯᠡᠭᠴᠢ ᠰᠢ ᠶᠢᠨ ᠫᠢᠩ ᠲᠤᠰ ᠡᠳᠤᠷ ᠪᠡᠭᠡᠵᠢᠩ ᠳᠤ ᠢᠷᠡᠵᠤ ᠲᠤᠮᠳᠠᠳᠤ ᠤᠯᠤᠰ ᠲᠤ ᠠᠶᠢᠯᠴᠢᠯᠠᠯᠳᠠ ᠬᠢᠭᠰᠡᠨ ᠰᠤᠯᠤᠩᠭᠤᠰ ᠤᠨ ᠬᠥᠳᠡᠯᠮᠤᠷᠢᠴᠢᠨ ᠤ ᠨᠠᠮ ᠤᠨ ᠬᠤᠷᠢᠶᠠᠨ ᠲᠠᠷᠤᠭ᠎ᠠ᠂ ᠲᠦᠷᠤ ᠶᠢᠨ ᠶᠠᠪᠤᠳᠠᠯ ᠤᠨ ᠬᠤᠷᠢᠶᠠᠨ ᠤ ᠬᠤᠷᠢᠶᠠᠨ ᠲᠠᠷᠤᠭ᠎ᠠ ᠶᠢᠨ ᠵᠧᠩ ᠡᠸ᠋ᠨ ᠲᠠᠢ ᠬᠡᠯᠡᠯᠴᠡᠭᠡ ᠬᠢᠪᠠ᠃ ᠬᠤᠶᠠᠷ ᠤᠯᠤᠰ ᠤᠨ ᠤᠳᠤᠷᠢᠳᠬᠤ ᠬᠥᠮᠤᠰ ᠲᠤᠳᠤᠨᠤ ᠨᠦᠬᠦᠷᠰᠡᠭ ᠠᠭᠤᠷ ᠠᠮᠢᠰᠬᠤᠯ ᠤᠨ ᠲᠤᠮᠳᠠ᠂ ᠲᠤᠮᠳᠠᠳᠤ ᠰᠤᠯᠤᠩᠭᠤᠰ ᠤᠨ ᠬᠠᠷᠢᠴᠠᠭ᠎ᠠ ᠪᠤᠯᠤᠨ ᠬᠠᠮᠳᠤ ᠪᠠᠷ ᠠᠩᠬᠠᠷᠴᠤ ᠪᠠᠶᠢᠭ᠎ᠠ ᠠᠰᠠᠭᠤᠳᠠᠯ ᠤᠨ ᠲᠤᠬᠠᠢ ᠰᠠᠨᠠᠯ ᠢᠶᠠᠨ ᠬᠥᠨᠵᠡᠭᠡᠢ ᠰᠤᠯᠢᠯᠴᠠᠵᠤ᠂ ᠴᠢᠬᠤᠯᠠ ᠬᠠᠮᠳᠤ ᠶᠢᠨ ᠲᠠᠨᠢᠯᠳᠠ ᠲᠠᠢ ᠪᠤᠯᠵᠠᠢ᠃ ᠬᠤᠶᠠᠷ ᠲᠠᠯ᠎ᠠ ᠪᠠᠷ ᠢᠶᠠᠨ᠂ ᠲᠤᠷᠠᠳᠠᠶ᠎ᠠ ᠬᠠᠮᠳᠤ ᠪᠠᠷ ᠴᠢᠷᠮᠠᠶᠢᠵᠤ ᠪᠠᠶᠢᠭᠠᠳ ᠲᠤᠮᠳᠠᠳᠤ ᠰᠤᠯᠤᠩᠭᠤᠰ ᠤᠨ ᠬᠠᠷᠢᠴᠠᠭ᠎ᠠ ᠶᠢ ᠰᠢᠨ᠎ᠠ ᠴᠠᠭ ᠦᠶ᠎ᠠ ᠳᠤ ᠲᠠᠰᠤᠷᠠᠯᠳᠠ ᠦᠭᠡᠢ ᠰᠢᠨ᠎ᠠ ᠬᠥᠭᠵᠢᠯᠳᠡ ᠲᠠᠢ ᠪᠤᠯᠭᠠᠬᠤ ᠶᠢ ᠠᠬᠢᠭᠤᠯᠵᠤ᠂ ᠰᠤᠯᠤᠩᠭᠤᠰ ᠬᠤᠶᠢᠭ ᠤᠨ ᠠᠰᠠᠭᠤᠳᠠᠯ ᠢ ᠤᠯᠤᠰ ᠲᠦᠷᠤ ᠪᠠᠷ ᠰᠢᠢᠳᠪᠤᠷᠢᠯᠡᠬᠦ ᠠᠬᠢᠴᠠ ᠶᠢ ᠦᠷᠬᠦᠯᠵᠢᠯᠡᠨ ᠠᠬᠢᠭᠤᠯᠵᠤ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠰᠠᠶᠢᠨ ᠢᠶᠠᠷ ᠪᠤᠶᠠᠨ ᠦᠢᠯᠡᠳᠴᠤ᠂ ᠭᠠᠵᠠᠷ ᠤᠷᠤᠨ ᠪᠠ ᠲᠡᠯᠡᠭᠡᠢ ᠶᠢᠨ ᠡᠩᠭᠡ ᠲᠠᠶᠢᠪᠤᠩ ᠲᠤᠬᠳᠠᠭᠤᠨ ᠪᠠᠶᠢᠳᠠᠯ ᠵᠢᠴᠢ ᠴᠡᠴᠡᠭᠯᠡᠯ ᠬᠥᠭᠵᠢᠯ ᠳᠤ ᠢᠳᠡᠪᠬᠢᠳᠠᠢ ᠬᠤᠪᠢ ᠨᠡᠮᠡᠷᠢ ᠦᠵᠡᠬᠦᠯᠤᠨ᠎ᠠ ᠭᠡᠵᠤ ᠰᠠᠨᠠᠯ ᠨᠢᠭᠡᠳᠡᠢ ᠢᠯᠡᠷᠭᠡᠶᠢᠯᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1