ᠰᠢ ᠶᠢᠨ ᠫᠢᠩ᠄ ᠰᠡᠷᠬᠡᠶᠢᠯᠡᠨ ᠡᠵᠡᠮᠳᠡᠬᠦ ᠴᠢᠳᠠᠪᠤᠷᠢ ᠪᠠᠨ ᠲᠡᠭᠡᠭᠰᠢᠯᠡᠬᠦᠯᠤᠨ ᠬᠦᠨᠳᠤ ᠶᠡᠭᠡ ᠠᠶᠤᠯ ᠲᠦᠭᠰᠢᠬᠦᠷᠢ ᠶᠢ ᠬᠦᠴᠦᠯᠡᠨ ᠰᠡᠷᠬᠡᠶᠢᠯᠡᠨ ᠠᠷᠢᠯᠭᠠᠵᠤ ᠠᠵᠥ ᠠᠬᠤᠢ ᠶᠢᠨ ᠦᠷᠬᠦᠯᠵᠢᠯᠡᠭᠰᠡᠡ ᠡᠷᠡᠬᠦᠯ ᠬᠦᠭᠵᠢᠯᠳᠡ ᠪᠠ ᠨᠡᠶᠢᠬᠡᠮ ᠤᠨ ᠶᠡᠭᠡ ᠲᠠᠯ᠎ᠠ ᠶᠢᠨ ᠲᠤᠭᠳᠠᠭᠤᠨ ᠪᠠᠶᠢᠳᠠᠯ ᠢ ᠪᠠᠲᠣᠯᠠᠬᠤ ᠬᠡᠷᠡᠭᠲᠡᠢ
ᠨᠡᠶᠢᠲᠡᠯᠡᠭᠰᠡᠨ ᠴᠠᠭ᠄
2019/2/17
       1 ᠰᠠᠷ᠎ᠠ ᠶᠢᠨ 21᠎ ᠤ ᠡᠳᠤᠷ᠂ ᠮᠤᠵᠢ ᠶᠠᠮᠤᠨ ᠤ ᠲᠡᠰ ᠤᠨ ᠭᠤᠤᠯ ᠤᠳᠤᠷᠢᠳᠬᠤ ᠺᠠᠳ᠋ᠷᠴᠤᠳ ᠤᠨ ᠬᠤᠷᠢᠭ᠎ᠠ ᠱᠤᠭᠤᠮ ᠤᠨ ᠰᠡᠳᠬᠢᠬᠦᠢ ᠶᠢ ᠪᠠᠷᠢᠮᠳᠠᠯᠠᠵᠥ ᠬᠦᠨᠳᠤ ᠶᠡᠭᠡ ᠠᠶᠤᠯ ᠲᠦᠭᠰᠢᠬᠦᠷᠢ ᠶᠢ ᠰᠡᠷᠬᠡᠶᠢᠯᠡᠨ ᠠᠷᠢᠯᠭᠠᠬᠤ ᠲᠤᠰᠬᠠᠢ ᠰᠡᠳᠤᠪᠳᠤ ᠰᠤᠳᠤᠯᠤᠨ ᠶᠠᠷᠢᠯᠴᠠᠬᠤ ᠠᠩᠬᠢ ᠶᠢᠨ ᠰᠤᠷᠤᠯᠭ᠎ᠠ ᠲᠦᠪ ᠤᠨ ᠨᠠᠮ ᠤᠨ ᠰᠤᠷᠭᠠᠭᠤᠯᠢ ᠳᠤ ᠡᠬᠢᠯᠡᠪᠡ᠃ ᠨᠠᠮ ᠤᠨ ᠲᠦᠪ ᠬᠤᠷᠢᠶᠡᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠡᠨ ᠤ ᠲᠡᠷᠢᠬᠦᠯᠡᠭᠴᠢ ᠰᠢ ᠶᠢᠨ ᠫᠢᠩ ᠰᠤᠷᠤᠯᠭ᠎ᠠ ᠡᠬᠢᠯᠡᠬᠦ ᠶᠣᠰᠣᠯᠠᠯ ᠲᠡᠭᠡᠷ᠎ᠡ ᠴᠢᠬᠤᠯᠠ ᠶᠠᠷᠢᠶ᠎ᠠ ᠲᠠᠯᠪᠢᠵᠠᠢ᠃ ᠰᠢᠨᠬᠤᠸᠠ ᠬᠤᠷᠢᠶᠠᠨ ᠤ ᠰᠤᠷᠪᠤᠯᠵᠢᠯᠠᠭᠴᠢ ᠷᠤᠤ ᠠᠢ ᠮᠢᠨ ᠰᠡᠬᠦᠳᠡᠷᠯᠡᠪᠡ
       ᠠᠷᠠᠳ ᠤᠨ ᠡᠳᠦᠷ ᠤᠨ ᠰᠣᠨᠢᠨ ᠤ ᠪᠡᠭᠡᠵᠢᠩ ᠤᠨ 1 ᠰᠠᠷ᠎ᠠ ᠶᠢᠨ 21᠎ ᠤ ᠡᠳᠤᠷ ᠤᠨ ᠴᠠᠬᠢᠯᠭᠠᠨ ᠮᠡᠳᠡᠭᠡ ︵ᠰᠤᠷᠪᠣᠯᠵᠢᠯᠠᠭᠴᠢ ᠵᠠᠩ ᠶᠠᠩ︶ ᠮᠤᠵᠢ ᠶᠠᠮᠤᠨ ᠤ ᠲᠡᠰ ᠤᠨ ᠭᠤᠤᠯ ᠤᠳᠤᠷᠢᠳᠬᠤ ᠺᠠᠳ᠋ᠷᠴᠤᠳ ᠤᠨ ᠬᠤᠷᠢᠭ᠎ᠠ ᠱᠤᠭᠤᠮ ᠤᠨ ᠰᠡᠳᠬᠢᠬᠦᠢ ᠶᠢ ᠪᠠᠷᠢᠮᠳᠠᠯᠠᠵᠥ ᠬᠦᠨᠳᠤ ᠶᠡᠭᠡ ᠠᠶᠤᠯ ᠲᠦᠭᠰᠢᠬᠦᠷᠢ ᠶᠢ ᠰᠡᠷᠬᠡᠶᠢᠯᠡᠨ ᠠᠷᠢᠯᠭᠠᠬᠤ ᠲᠤᠰᠬᠠᠢ ᠰᠡᠳᠤᠪᠳᠤ ᠰᠤᠳᠤᠯᠤᠨ ᠶᠠᠷᠢᠯᠴᠠᠬᠤ ᠠᠩᠬᠢ ᠶᠢᠨ ᠰᠤᠷᠤᠯᠭ᠎ᠠ 21᠎ ᠤ ᠦᠳᠡ ᠶᠢᠨ ᠡᠮᠤᠨ᠎ᠡ ᠲᠦᠪ ᠤᠨ ᠨᠠᠮ ᠤᠨ ᠰᠤᠷᠭᠠᠭᠤᠯᠢ ᠳᠤ ᠡᠬᠢᠯᠡᠪᠡ᠃ ᠨᠠᠮ ᠤᠨ ᠲᠦᠪ ᠬᠤᠷᠢᠶᠡᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠡᠨ ᠤ ᠲᠡᠷᠢᠬᠦᠯᠡᠭᠴᠢ ᠰᠢ ᠶᠢᠨ ᠫᠢᠩ ᠰᠤᠷᠤᠯᠭ᠎ᠠ ᠡᠬᠢᠯᠡᠬᠦ ᠶᠤᠰᠤᠯᠠᠯ ᠲᠡᠭᠡᠷ᠎ᠡ ᠴᠢᠬᠤᠯᠠ ᠶᠠᠷᠢᠶ᠎ᠠ ᠲᠠᠯᠪᠢᠵᠥ᠂ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ ᠶᠢ ᠪᠠᠷᠢᠮᠳᠠᠯᠠᠨ᠂ ᠨᠠᠮ ᠤᠨ ᠠᠷᠪᠠ ᠶᠢᠰᠦᠳᠦᠬᠡᠷ ᠶᠡᠭᠡ ᠬᠤᠷᠡᠯ ᠪᠤᠯᠤᠨ ᠠᠷᠪᠠ ᠶᠢᠰᠦᠳᠦᠬᠡᠷ ᠬᠤᠭᠤᠴᠠᠭᠠᠨ ᠤ ᠲᠦᠪ ᠬᠤᠷᠢᠶᠡᠨ ᠤ ᠬᠤᠶᠠᠳᠤᠭᠠᠷ᠂ ᠭᠤᠷᠪᠠᠳᠤᠭᠠᠷ ᠪᠦᠬᠦᠳᠡ ᠬᠤᠷᠡᠯ ᠤᠨ ᠵᠤᠷᠢᠭ ᠰᠠᠨᠠᠭ᠎ᠠ ᠶᠢ ᠪᠦᠬᠦ ᠲᠡᠯ᠎ᠡ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠥ᠂ ᠭᠠᠳᠠᠭᠠᠳᠤ ᠤᠷᠴᠢᠨ ᠤ ᠬᠦᠨᠵᠡᠬᠡᠢ ᠬᠤᠪᠢᠷᠡᠯᠳᠡ ᠪᠤᠯᠤᠨ ᠮᠠᠨ ᠤ ᠤᠯᠤᠰ ᠤᠨ ᠦᠬᠡᠷᠡᠴᠢᠯᠡᠯᠳᠡ ᠬᠦᠭᠵᠢᠯᠳᠡ ᠲᠤᠭᠳᠠᠭᠤᠨ ᠳᠤ ᠲᠤᠯᠭᠠᠷᠠᠵᠥ ᠪᠠᠶᠢᠭ᠎ᠠ ᠰᠢᠨ᠎ᠡ ᠪᠠᠶᠢᠳᠠᠯ ᠰᠢᠨ᠎ᠡ ᠠᠰᠠᠭᠤᠳᠠᠯ ᠰᠢᠨ᠎ᠡ ᠦᠷᠢᠰᠦᠯᠳᠦᠬᠡᠨ ᠢ ᠬᠦᠨᠵᠡᠬᠡᠢ ᠲᠠᠨᠢᠨ ᠵᠦᠪ ᠡᠵᠡᠮᠳᠡᠵᠤ᠂ ᠬᠤᠷᠢᠭ᠎ᠠ ᠱᠤᠭᠤᠮ ᠤᠨ ᠰᠡᠳᠬᠢᠬᠦᠢ ᠶᠢ ᠪᠠᠷᠢᠮᠳᠠᠯᠠᠨ᠂ ᠰᠠᠨᠠᠭᠠᠰᠢᠷᠠᠬᠤ ᠤᠬᠠᠮᠰᠠᠷ ᠢᠶᠠᠨ ᠴᠢᠩᠭᠠᠷᠠᠭᠤᠯᠵᠥ᠂ ᠰᠡᠷᠬᠡᠶᠢᠯᠡᠨ ᠡᠵᠡᠮᠳᠡᠬᠦ ᠴᠢᠳᠠᠪᠤᠷᠢ ᠪᠠᠨ ᠲᠡᠭᠡᠭᠰᠢᠯᠡᠬᠦᠯᠤᠨ᠂ ᠬᠦᠨᠳᠤ ᠶᠡᠭᠡ ᠠᠶᠤᠯ ᠲᠦᠭᠰᠢᠬᠦᠷᠢ ᠶᠢ ᠬᠦᠴᠦᠯᠡᠨ ᠰᠡᠷᠬᠡᠶᠢᠯᠡᠨ ᠠᠷᠢᠯᠭᠠᠵᠤ᠂ ᠠᠵᠥ ᠠᠬᠤᠢ ᠶᠢᠨ ᠦᠷᠬᠦᠯᠵᠢᠯᠡᠭᠰᠡᠡ ᠡᠷᠡᠬᠦᠯ ᠬᠦᠭᠵᠢᠯᠳᠡ ᠪᠠ ᠨᠡᠶᠢᠬᠡᠮ ᠤᠨ ᠶᠡᠭᠡ ᠲᠠᠯ᠎ᠠ ᠶᠢᠨ ᠲᠤᠭᠳᠠᠭᠤᠨ ᠪᠠᠶᠢᠳᠠᠯ ᠢ ᠪᠠᠳᠤᠯᠠᠵᠥ᠂ ᠴᠢᠨᠡᠬᠡᠯᠢᠭ ᠨᠡᠶᠢᠬᠡᠮ ᠢ ᠪᠦᠬᠦ ᠲᠡᠯ᠎ᠡ ᠪᠠᠷ ᠪᠡᠶᠡᠯᠡᠬᠦᠯᠬᠦ ᠰᠢᠢᠳᠪᠤᠷᠢᠳᠤ ᠢᠯᠡᠯᠳᠡ ᠶᠢ ᠤᠯᠬᠤ᠂ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠠᠭᠤᠤ ᠶᠡᠭᠡ ᠢᠯᠠᠯᠳᠠ ᠶᠢ ᠲᠡᠮᠡᠴᠡᠨ ᠤᠯᠬᠤ᠂ ᠲᠤᠮᠳᠠᠳᠤ ᠶᠢᠨ ᠦᠨᠳᠦᠰᠦᠳᠡᠨ ᠤ ᠠᠭᠤᠤ ᠶᠡᠭᠡ ᠰᠡᠷᠬᠦᠨ ᠮᠠᠨᠳᠤᠯᠳᠠ ᠶᠢᠨ ᠲᠤᠮᠳᠠᠳᠤ ᠶᠢᠨ ᠵᠡᠬᠦᠳᠤ ᠶᠢ ᠲᠡᠷᠭᠡᠯᠰᠢᠬᠦᠯᠬᠦ ᠳᠤ ᠪᠠᠳᠤ ᠴᠢᠩᠭ᠎ᠠ ᠪᠠᠳᠤᠯᠠᠭ᠎ᠠ ᠬᠠᠩᠭᠠᠬᠤ ᠬᠡᠷᠡᠭᠳᠡᠢ ᠬᠡᠵᠥ ᠴᠢᠬᠤᠯᠠᠴᠢᠯᠠᠪᠠ᠃ ᠨᠠᠮ ᠤᠨ ᠲᠦᠪ ᠬᠤᠷᠢᠶᠡᠨ ᠤ ᠤᠯᠤᠰ ᠲᠦᠷᠦ ᠶᠢᠨ ᠲᠤᠪᠴᠢᠶᠠᠨ ᠤ ᠪᠠᠶᠢᠩᠭᠤ ᠶᠢᠨ ᠬᠡᠰᠢᠬᠦᠨ ᠯᠢ ᠺᠧ ᠴᠢᠶᠠᠩ ᠰᠤᠷᠤᠯᠭ᠎ᠠ ᠡᠬᠢᠯᠡᠬᠦ ᠶᠤᠰᠤᠯᠠᠯ ᠢ ᠡᠷᠬᠢᠯᠡᠵᠥ᠂ ᠨᠠᠮ ᠤᠨ ᠲᠦᠪ ᠬᠤᠷᠢᠶᠡᠨ ᠤ ᠤᠯᠤᠰ ᠲᠦᠷᠦ ᠶᠢᠨ ᠲᠤᠪᠴᠢᠶᠠᠨ ᠤ ᠪᠠᠶᠢᠩᠭᠤ ᠶᠢᠨ ᠬᠡᠰᠢᠬᠦᠨ ᠯᠢ ᠵᠠᠨ ᠱᠦ᠂ ᠸᠠᠩ ᠶᠠᠩ᠂ ᠸᠠᠩ ᠬᠤ᠋ ᠨᠢᠩ᠂ ᠵᠤᠤ ᠯᠧ ᠵᠢᠢ᠂ ᠬᠠᠨ ᠵᠧᠩ ᠰᠤᠷᠤᠯᠭ᠎ᠠ ᠡᠬᠢᠯᠡᠬᠦ ᠶᠤᠰᠤᠯᠠᠯ ᠳᠤ ᠤᠷᠤᠯᠴᠠᠵᠠᠢ᠃ ᠰᠢ ᠶᠢᠨ ᠫᠢᠩ᠂ ᠤᠳᠤᠬᠠᠨ ᠳᠤ ᠮᠠᠨ ᠤ ᠤᠯᠤᠰ ᠤᠨ ᠪᠠᠶᠢᠳᠠᠯ ᠶᠡᠷᠤᠩᠬᠡᠢ ᠳᠡᠭᠡᠨ ᠰᠠᠶᠢᠨ ᠪᠠᠶᠢᠨ᠎ᠠ᠂ ᠨᠠᠮ ᠤᠨ ᠲᠦᠪ ᠬᠤᠷᠢᠶᠡᠨ ᠤ ᠤᠳᠤᠷᠢᠳᠤᠯᠭ᠎ᠠ ᠪᠠᠳᠤ ᠴᠢᠩᠭ᠎ᠠ ᠬᠦᠴᠦᠨ ᠲᠠᠢ᠂ ᠪᠦᠬᠦ ᠨᠠᠮ ᠤᠨ ︽ᠲᠦᠷᠪᠡᠨ ᠤᠬᠠᠮᠰᠠᠷ︾᠂ ︽ᠲᠦᠷᠪᠡᠨ ᠢᠳᠡᠬᠡᠯ︾᠂ ︽ᠬᠤᠶᠠᠷ ᠢ ᠬᠠᠮᠠᠭᠠᠯᠠᠬᠤ︾ ᠪᠠᠶᠢᠳᠠᠯ ᠢᠯᠡᠳᠳᠡ ᠴᠢᠩᠭᠠᠷᠠᠵᠥ᠂ ᠦᠵᠡᠯ ᠤᠬᠠᠮᠰᠠᠷ ᠤᠨ ᠬᠡᠯᠪᠡᠷᠢ ᠶᠢᠨ ᠬᠦᠷᠢᠶᠡᠨ ᠤ ᠪᠠᠶᠢᠳᠠᠯ ᠢᠳᠡᠪᠬᠢᠳᠡᠢ ᠡᠷᠡᠬᠦᠯ ᠢᠶᠠᠷ ᠰᠠᠶᠢᠵᠢᠷᠠᠵᠥ᠂ ᠠᠵᠥ ᠠᠬᠤᠢ ᠲᠤᠭᠳᠠᠭᠤᠨ ᠤ ᠲᠤᠮᠳᠠ ᠤᠷᠤᠭᠰᠢᠯᠠᠨ ᠲᠠᠪᠰᠢᠬᠤ ᠬᠠᠨᠳᠤᠰᠢ ᠶᠢ ᠪᠠᠳᠤᠯᠠᠨ᠂ ᠪᠦᠬᠦ ᠤᠯᠤᠰ ᠤᠨ ᠦᠨᠳᠦᠰᠦᠳᠡᠨ ᠨᠦᠭᠦᠳ ᠤᠨ ᠠᠷᠠᠳ ᠲᠦᠮᠡᠨ ᠰᠡᠳᠭᠢᠯ ᠨᠢᠭᠡᠳᠤᠨ ᠬᠦᠴᠦ ᠪᠠᠨ ᠬᠠᠮᠳᠤᠳᠬᠠᠵᠤ ᠲᠡᠮᠡᠴᠡᠯ ᠤᠨ ᠵᠤᠷᠢᠭ ᠪᠠᠳᠠᠷᠠᠵᠤ᠂ ᠨᠡᠶᠢᠬᠡᠮ ᠤᠨ ᠶᠡᠭᠡ ᠲᠠᠯ᠎ᠠ ᠲᠤᠭᠳᠠᠭᠤᠨ ᠪᠠᠶᠢᠨ᠎ᠠ ᠬᠡᠵᠥ ᠵᠢᠭᠠᠵᠥ ᠭᠠᠷᠭᠠᠪᠠ᠃ ᠰᠢ ᠶᠢᠨ ᠫᠢᠩ ᠶᠠᠷᠢᠶᠠᠨ ᠳᠠᠭᠠᠨ ᠤᠯᠤᠰ ᠲᠦᠷᠦ᠂ ᠦᠵᠡᠯ ᠤᠬᠠᠮᠰᠠᠷ ᠤᠨ ᠬᠡᠯᠪᠡᠷᠢ᠂ ᠠᠵᠥ ᠠᠬᠤᠢ᠂ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ᠂ ᠨᠡᠶᠢᠬᠡᠮ᠂ ᠭᠠᠳᠠᠭᠠᠳᠤ ᠤᠷᠴᠢᠨ᠂ ᠨᠠᠮ ᠤᠨ ᠪᠠᠶᠢᠭᠤᠯᠤᠯᠳᠠ ᠵᠡᠷᠬᠡ ᠬᠦᠷᠢᠶᠡᠨ ᠤ ᠬᠦᠨᠳᠤ ᠶᠡᠭᠡ ᠠᠶᠤᠯ ᠲᠦᠭᠰᠢᠬᠦᠷᠢ ᠶᠢ ᠰᠡᠷᠬᠡᠶᠢᠯᠡᠨ ᠠᠷᠢᠯᠭᠠᠬᠤ ᠲᠤᠬᠠᠢ ᠬᠦᠨᠵᠡᠬᠡᠢ ᠵᠠᠳᠠᠯᠵᠤ᠂ ᠲᠤᠳᠤᠷᠬᠠᠢ ᠱᠠᠭᠠᠷᠳᠠᠯᠭ᠎ᠠ ᠲᠤᠷᠠᠳᠪᠠ᠃ ᠲᠡᠷᠡ᠂ ᠬᠤᠪᠢᠷᠡᠯᠳᠡ ᠶᠡᠬᠡᠳᠠᠢ ᠲᠡᠯᠡᠬᠡᠢ ᠶᠢᠨ ᠪᠠᠶᠢᠳᠠᠯ᠂ ᠰᠡᠷᠬᠡᠭ ᠪᠤᠳᠤᠯᠢᠶᠠᠨᠳᠠᠢ ᠡᠷᠬᠢᠨ ᠲᠤᠭᠤᠷᠢᠨ ᠤ ᠤᠷᠴᠢᠨ᠂ ᠬᠦᠨᠳᠤ ᠬᠠᠳᠠᠭᠤᠵᠢᠯᠳᠠᠢ ᠦᠬᠡᠷᠡᠴᠢᠯᠡᠯᠳᠡ ᠬᠦᠭᠵᠢᠯᠳᠡ ᠲᠤᠭᠳᠠᠭᠤᠨ ᠤ ᠡᠬᠦᠷᠬᠡ ᠶᠢᠨ ᠡᠮᠤᠨ᠎ᠡ ᠪᠢᠳᠡ ᠡᠷᠬᠡᠪᠰᠢ ᠢᠮᠠᠬᠳᠠ ᠲᠡᠬᠡᠳᠤ ᠬᠡᠮᠵᠢᠶᠡᠨ ᠤ ᠰᠤᠨᠤᠷ ᠰᠡᠷᠡᠮᠵᠢ ᠲᠠᠢ ᠪᠠᠶᠢᠵᠥ᠂ ︽ᠬᠠᠷ᠎ᠠ ᠬᠤᠨ ᠤ ᠬᠡᠷᠡᠭ︾᠎ ᠢ ᠲᠡᠬᠡᠳᠤ ᠬᠡᠮᠵᠢᠶ᠎ᠡ ᠪᠠᠷ ᠰᠡᠷᠡᠮᠵᠢᠯᠡᠬᠦ ᠪᠠᠷ ᠪᠠᠷᠠᠬᠤ ᠦᠬᠡᠢ ︽ᠬᠦᠬᠡ ᠬᠡᠷᠢᠰ ︾᠎ ᠤᠨ ᠬᠡᠷᠡᠭ ᠢ ᠴᠦ ᠰᠡᠷᠬᠡᠶᠢᠯᠡᠬᠦ ᠬᠡᠷᠡᠭᠳᠡᠢ︔ ᠠᠶᠤᠯ ᠲᠦᠭᠰᠢᠬᠦᠷᠢ ᠶᠢ ᠰᠡᠷᠬᠡᠶᠢᠯᠡᠬᠦ ᠪᠡᠯᠡᠳᠬᠡᠯ ᠲᠠᠢ ᠪᠠᠶᠢᠬᠤ ᠪᠠᠷ ᠪᠠᠷᠠᠬᠤ ᠦᠬᠡᠢ ᠪᠠᠰᠠ ᠠᠶᠤᠯ ᠲᠦᠭᠰᠢᠬᠦᠷᠢ ᠦᠷᠢᠰᠦᠯᠳᠦᠬᠡᠨ ᠢ ᠠᠷᠭᠠᠴᠠᠭᠠᠬᠤ ᠪᠠ ᠠᠷᠢᠯᠭᠠᠬᠤ ᠰᠠᠶᠢᠨ ᠠᠷᠭ᠎ᠠ ᠲᠠᠢ ᠪᠠᠶᠢᠬᠤ ᠬᠡᠷᠡᠭᠳᠡᠢ︔ ᠠᠶᠤᠯ ᠲᠦᠭᠰᠢᠬᠦᠷᠢ ᠶᠢ ᠰᠡᠷᠬᠡᠶᠢᠯᠡᠵᠤ ᠬᠤᠷᠢᠬᠯᠠᠬᠤ ᠪᠡᠯᠡᠳᠬᠡᠯ ᠲᠠᠢ ᠲᠠᠶᠢᠯᠠᠯᠳᠤᠭᠠᠨ ᠢ ᠰᠠᠶᠢᠳᠤᠷ ᠬᠢᠬᠦ ᠪᠠᠷ ᠪᠠᠷᠠᠬᠤ ᠦᠬᠡᠢ ᠪᠠᠰᠠ ᠠᠶᠤᠯ ᠲᠦᠭᠰᠢᠬᠦᠷᠢ ᠶᠢ ᠠᠮᠤᠷ ᠲᠦᠪᠰᠢᠨ ᠪᠤᠯᠭᠠᠬᠤ᠂ ᠠᠶᠤᠯ ᠲᠦᠭᠰᠢᠬᠦᠷᠢ ᠶᠢ ᠠᠵᠠ ᠲᠤᠬᠢᠶᠠᠯ ᠪᠤᠯᠭᠠᠬᠤ ᠪᠠᠶᠢᠯᠳᠤᠬᠤ ᠪᠤᠳᠤᠯᠭ᠎ᠠ ᠶᠢᠨ ᠰᠠᠨᠠᠭᠠᠴᠢᠯᠠᠭᠠᠳᠤ ᠲᠠᠶᠢᠯᠠᠯᠳᠤᠭᠠᠨ ᠢ ᠴᠦ ᠰᠠᠶᠢᠳᠤᠷ ᠬᠢᠬᠦ ᠬᠡᠷᠡᠭᠳᠡᠢ ᠬᠡᠵᠥ ᠴᠢᠬᠤᠯᠠᠴᠢᠯᠠᠪᠠ᠃ ᠪᠦᠬᠦ ᠠᠭᠤᠯᠭ᠎ᠠ >>>
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1