ᠬᠠᠮᠤᠭ ᠤᠨ ᠴᠢᠩᠭ᠎ᠠ ᠪᠠᠷᠢᠮᠲᠠ ᠶᠢᠨ ᠵᠠᠷᠯᠢᠭ ᠢ ᠬᠡᠷᠡᠭᠵᠢᠬᠦᠯᠦᠯ᠎ᠡ
ᠨᠡᠶᠢᠲᠡᠯᠡᠭᠰᠡᠨ ᠴᠠᠭ᠄
2017/9/8
        ᠦᠷᠳᠡᠭ ᠨᠡᠮᠡᠭᠳᠡᠯ ᠤᠨ ᠭᠠᠶᠢᠯᠢ ᠶᠢᠨ ᠳᠦᠷᠪᠡᠨ ᠳᠡᠰ ᠢᠯᠭᠠᠯ ᠢ ᠭᠤᠷᠪᠠ ᠪᠤᠯᠭᠠᠨ ᠦᠭᠡᠷᠡᠴᠢᠯᠡᠭᠰᠡᠨ ᠠᠴᠠ  ᠭᠠᠶᠢᠯᠢ ᠶᠢᠨ ᠨᠤᠷᠮ᠎ᠠ ᠨᠢ ᠴᠦ ᠬᠠᠰᠤᠭᠳᠠᠪᠠ      ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠶ ᠲᠣᠪᠴᠢᠶ᠎ᠠ ᠶᠢᠨ ᠨᠡᠶᠢᠲᠡᠯᠡᠭᠰᠡᠨ ᠠᠯᠪᠠᠨ ᠵᠠᠷ ᠢ  ᠦᠨᠳᠦᠰᠦᠯᠡᠪᠡᠯ᠂ 7 ᠳ᠋ᠤᠭᠠᠷ ᠰᠠᠷ᠎ᠠ ᠶᠢᠨ 1᠎ ᠤ ᠡᠳᠦᠷ ᠠᠴᠠ ᠡᠬᠢᠯᠡᠨ᠂ ᠦᠷᠳᠡᠭ ᠨᠡᠮᠡᠭᠳᠡᠯ ᠤᠨ ᠭᠠᠶᠢᠯᠢ ᠶᠢᠨ  ᠳᠦᠷᠪᠡᠨ ᠳᠡᠰ ᠢᠯᠭᠠᠯ ᠢ 17%᠂ 11% ᠪᠤᠯᠤᠨ 6% ᠭᠤᠷᠪᠠᠨ ᠳᠡᠰ ᠢᠯᠭᠠᠯ ᠪᠤᠯᠭᠠᠨ ᠪᠠᠭᠠᠰᠬᠠᠵᠤ᠂  13%᠎ ᠶᠢᠨ ᠭᠠᠶᠢᠯᠢ ᠶᠢᠨ ᠨᠤᠷᠮ᠎ᠠ ᠶᠢ ᠬᠦᠴᠦᠨ ᠦᠭᠡᠢ ᠪᠤᠯᠭᠠᠪᠠ ᠃ ᠡᠭᠦᠨ ᠤ ᠬᠠᠮᠲᠤ᠂ ᠲᠠᠷᠢᠶᠠᠯᠠᠩ ᠤᠨ  ᠪᠦᠲᠦᠭᠡᠭᠳᠡᠬᠦᠨ ︵ᠠᠮᠤ ᠪᠤᠳᠠᠭ᠎ᠠ ᠪᠠᠭᠲᠠᠨ᠎ᠠ︶᠂ ᠲᠦᠭᠡᠭᠡᠯ ᠤᠰᠤ᠂ ᠳᠤᠯᠠᠭᠠᠮᠵᠢ᠂ ᠴᠢᠯᠠᠭᠤᠨ ᠲᠤᠰᠤᠨ ᠤ  ᠬᠡᠢ ᠶᠢᠨ ᠰᠢᠩᠭᠡᠵᠢᠮᠡᠯ᠂ ᠪᠠᠶᠢᠭᠠᠯᠢ ᠶᠢᠨ ᠰᠢᠲᠠᠮᠬᠠᠢ ᠬᠡᠢ᠂ ᠤᠷᠭᠤᠮᠠᠯ ᠤᠨ ᠢᠳᠡᠰᠢᠨ ᠳᠤᠰᠤ᠂ ᠰᠡᠷᠢᠬᠦᠨ ᠬᠡᠢ ᠵᠡᠷᠭᠡ  20 ᠭᠠᠷᠤᠶ ᠵᠦᠢᠯ ᠤᠨ ᠡᠳ᠋ ᠪᠠᠷᠠᠭᠠᠨ ᠤ ᠭᠠᠶᠢᠯᠢ ᠶᠢ 13%᠎ ᠠᠴᠠ 11% ᠪᠤᠯᠲᠠᠯ᠎ᠠ ᠲᠤᠬᠢᠷᠠᠭᠤᠯᠪᠠ᠃
      ᠠᠩᠬᠠᠷᠤᠭᠤᠰᠢᠲᠠᠶ ᠵᠦᠢᠯ ᠭᠡᠪᠡᠯ᠂ ᠲᠣᠰ ᠤᠳᠠᠭᠠᠨ ᠤ ᠲᠣᠬᠢᠷᠠᠭᠤᠯᠤᠯᠲᠠ ᠳᠤ ᠳᠠᠷᠠᠭᠠᠬᠢ ᠠᠭᠤᠯᠭ᠎ᠠ  ᠪᠠᠭᠲᠠᠨ᠎ᠠ᠃ ᠡᠵᠡᠩᠨᠡᠯᠲᠡ ᠶᠢᠨ ᠭᠠᠶᠢᠯᠢ ᠶᠢ ᠦᠷᠲᠡᠭ ᠨᠡᠮᠡᠭᠳᠡᠯ ᠤᠨ ᠭᠠᠶᠢᠯᠢ ᠪᠣᠯᠭᠠᠨ ᠦᠭᠡᠷᠡᠴᠢᠯᠡᠨ ᠬᠤᠷᠢᠶᠠᠬᠤ  ᠲᠤᠷᠰᠢᠯᠲᠠ ᠶᠢᠨ ᠬᠤᠭᠤᠴᠠᠭᠠᠨ ᠳᠤ᠂ ᠦᠢᠯᠡᠳᠪᠦᠷᠢᠯᠡᠵᠤ ᠪᠣᠷᠣᠯᠠᠭᠤᠯᠬᠤ ᠪᠤᠶᠤ ᠦᠷᠦᠭᠡᠯ ᠳᠤ ᠨᠠᠶᠢᠳᠠᠬᠤ ᠪᠠ  ᠨᠠᠶᠢᠳᠠᠯᠭ᠎ᠠ ᠬᠦᠯᠢᠶᠡᠨ ᠡᠳ᠋ᠰᠢᠬᠦᠯᠬᠦ ᠳᠤ ᠬᠡᠷᠡᠭᠯᠡᠬᠦ ᠭᠠᠶᠢᠯᠢ ᠲᠤᠰᠢᠶᠠᠭᠴᠢ ᠶᠢᠨ ᠬᠤᠳᠠᠯᠳᠤᠵᠤ ᠤᠷᠤᠭᠤᠯᠤᠭᠰᠠᠨ  17%᠎ ᠶᠢᠨ ᠭᠠᠶᠢᠯᠢ ᠶᠢᠨ ᠨᠤᠷᠮ᠎ᠠ ᠪᠦᠭᠦᠢ ᠡᠳ᠋ ᠪᠠᠷᠠᠭᠠᠨ ᠤ ᠳᠤᠲᠤᠷᠠᠬᠢ ᠲᠠᠷᠢᠶᠠᠯᠠᠩ ᠤᠨ ᠪᠦᠲᠦᠭᠡᠭᠳᠡᠬᠦᠨ ᠤ  ᠭᠠᠶᠢᠯᠢ ᠶᠢᠨ ᠨᠤᠷᠮ᠎ᠠ ᠶᠢ ᠤᠭ ᠬᠡᠪ ᠢᠶᠠᠷ ᠨᠢ ᠰᠠᠭᠤᠯᠭᠠᠨ ᠠᠪᠴᠤ᠂ ᠡᠨᠡ ᠨᠢ ᠵᠠᠷᠤᠯᠭ᠎ᠠ ᠪᠠᠷ ᠰᠠᠭᠤᠯᠭᠠᠨ ᠠᠪᠬᠤ ᠶᠢ  ᠪᠠᠭᠠᠰᠬᠠᠭᠰᠠᠨ ᠠᠴᠠ ᠪᠤᠯᠵᠤ ᠭᠠᠶᠢᠯᠢ ᠶᠢᠨ ᠳᠠᠷᠤᠭᠠᠰᠤ ᠶᠢ ᠬᠦᠨᠳᠦᠷᠡᠬᠦᠯᠬᠦ ᠠᠴᠠ ᠵᠠᠶᠢᠯᠠᠰᠬᠢᠵᠦ ᠴᠢᠳᠠᠨ᠎ᠠ᠃          ᠲᠤᠰ ᠤᠳᠠᠭᠠᠨ ᠤ ᠭᠠᠶᠢᠯᠢ ᠶᠢᠨ ᠥᠭᠡᠷᠡᠴᠢᠯᠡᠯᠲᠡ ᠠᠴᠠ ᠬᠤᠪᠢ ᠬᠥᠮᠦᠨ ᠴᠦ ᠠᠰᠢᠭ ᠬᠦᠷᠲᠡᠬᠦ  ᠪᠣᠯᠤᠨ᠎ᠠ᠃     ᠰᠢᠨ᠎ᠡ ᠲᠦᠷᠦ ᠶᠢᠨ ᠪᠤᠳᠤᠯᠭ᠎ᠠ ᠨᠢ ᠬᠤᠳᠠᠯᠳᠤᠭᠠᠨ ᠤ ᠡᠷᠡᠭᠦᠯ ᠮᠡᠨᠳᠦ ᠶᠢᠨ ᠳᠠᠭᠠᠳᠬᠠᠯ ᠤᠨ ᠬᠤᠪᠢ  ᠬᠥᠮᠦᠨ ᠤ ᠤᠯᠵᠠᠪᠤᠷᠢ ᠶᠢᠨ ᠭᠠᠶᠢᠯᠢ ᠶᠢ ᠭᠠᠶᠢᠯᠢ ᠲᠤᠰᠢᠶᠠᠬᠤ ᠠᠴᠠ ᠡᠮᠦᠨ᠎ᠡ ᠰᠠᠭᠤᠯᠭᠠᠨ ᠠᠪᠬᠤ ᠲᠤᠷᠰᠢᠯᠲᠠ ᠶᠢᠨ  ᠲᠦᠷᠦ ᠶᠢᠨ ᠪᠤᠳᠤᠯᠭ᠎ᠠ ᠶᠢ ᠪᠦᠬᠦ ᠤᠯᠤᠰ ᠲᠤ ᠶᠠᠪᠤᠭᠳᠠᠭᠤᠯᠵᠤ᠂ ᠨᠥᠬᠦᠴᠡᠯ ᠳᠤ ᠨᠡᠶᠢᠴᠡᠭᠰᠡᠨ ᠬᠤᠳᠠᠯᠳᠤᠭᠠᠨ ᠤ  ᠡᠷᠡᠭᠦᠯ ᠮᠡᠨᠳᠦ ᠶᠢᠨ ᠳᠠᠭᠠᠳᠬᠠᠯ ᠤᠨ ᠦᠢᠯᠡᠳᠬᠦᠨ ᠬᠤᠳᠠᠯᠳᠤᠨ ᠠᠪᠬᠤ ᠬᠤᠪᠢ ᠬᠥᠮᠦᠨ ᠤ ᠵᠠᠷᠤᠯᠭ᠎ᠠ ᠠᠴᠠ ᠵᠢᠯ  ᠪᠦᠷᠢ 2400 ᠲᠥᠭᠦᠷᠢᠭ ᠤᠨ ᠬᠠᠮᠤᠭ ᠤᠨ ᠳᠡᠭᠡᠳᠦ ᠬᠢᠵᠠᠭᠠᠷ ᠲᠤᠭ᠎ᠠ ᠶᠣᠰᠣᠭᠠᠷ ᠭᠠᠶᠢᠯᠢ ᠲᠤᠰᠢᠶᠠᠬᠤ ᠠᠴᠠ  ᠡᠮᠦᠨ᠎ᠡ ᠰᠠᠭᠤᠯᠭᠠᠨ ᠠᠪᠬᠤ ᠶᠢ ᠵᠦᠪᠰᠢᠶᠡᠷᠡᠪᠡ᠃             ᠠᠳᠠᠯ ᠦᠢᠯᠡᠰ ᠴᠣᠭᠴᠠᠯᠠᠭᠴᠢ ᠪᠤᠯᠤᠨ ᠪᠡᠯᠡ ᠣᠷᠣᠭᠤᠯᠤᠭᠴᠢ ᠳᠤ ᠠᠪᠴᠤ ᠬᠡᠯᠡᠪᠡᠯ᠂ ᠪᠡᠯᠡ  ᠣᠷᠣᠭᠤᠯᠤᠯᠲᠠ ᠶᠢᠨ ᠬᠦᠪᠦᠷᠡᠯ ᠤᠨ ᠬᠤᠭᠤᠴᠠᠭ᠎ᠠ᠂ ᠡᠭᠦᠳᠦᠯᠲᠡ ᠶᠢᠨ ᠬᠤᠭᠤᠴᠠᠭᠠᠨ ᠳᠠᠬᠢ ᠰᠢᠨᠵᠢᠯᠡᠬᠦ ᠤᠬᠠᠭᠠᠨ  ᠮᠡᠷᠭᠡᠵᠢᠯ ᠤᠨ ᠬᠡᠯᠪᠡᠷᠢᠲᠦ ᠠᠵᠤ ᠠᠬᠤᠶᠢᠯᠠᠯ ᠳᠤ ᠬᠤᠯᠪᠤᠭᠳᠠᠬᠤ ᠠᠨᠴᠢᠯ ᠪᠡᠯᠡ ᠤᠷᠤᠭᠤᠯᠤᠭᠴᠢ ᠠᠩᠬᠠᠨ ᠤ ᠴᠡᠪᠡᠷ  ᠡᠳ᠋ ᠬᠦᠷᠦᠩᠭᠡ ᠪᠠᠷ᠂ ᠪᠡᠯᠡ ᠤᠷᠤᠭᠤᠯᠬᠤ ᠲᠤᠭᠠᠨ ᠤ 70% ᠶᠤᠰᠤᠭᠠᠷ ᠭᠠᠶᠢᠯᠢ ᠲᠤᠰᠢᠶᠠᠬᠤ ᠤᠯᠵᠠᠪᠤᠷᠢ ᠶᠢᠨ  ᠲᠤᠭ᠎ᠠ ᠶᠢ ᠰᠠᠭᠤᠯᠭᠠᠨ ᠠᠪᠬᠤ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠬᠦᠷᠲᠡᠨ᠎ᠡ ︵ᠪᠡᠭᠡᠵᠢᠩ ᠲᠢᠶᠠᠨᠵᠢᠨ  ᠾᠧᠪᠧᠶ᠂ ᠱᠠᠩᠬᠠᠶ᠂ ᠭᠤᠸᠠᠩᠳᠦ᠋ᠩ᠂ ᠠᠨᠾᠦ᠋ᠢ᠂ ᠰᠧᠴᠤᠸᠠᠨ᠂ ᠦᠬᠠᠨ᠂ ᠰᠢ ᠠᠨ᠂ ᠮᠦᠭᠳᠡᠨ ᠵᠡᠷᠭᠡ ᠪᠥᠬᠦ  ᠲᠠᠯ᠎ᠠ ᠪᠠᠷ ᠰᠢᠨ᠎ᠡ ᠶᠢ ᠡᠭᠦᠳᠦᠨ ᠥᠭᠡᠷᠡᠴᠢᠯᠡᠯᠲᠡ ᠬᠢᠬᠦ 8 ᠲᠤᠷᠰᠢᠯᠲᠠ ᠶᠢᠨ ᠭᠠᠵᠠᠷ ᠣᠷᠣᠨ ᠪᠣᠯᠤᠨ ᠰᠦᠵᠧᠦ ᠶᠢᠨ  ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠲᠤ ᠲᠤᠷᠰᠢᠯᠲᠠ ᠦᠷᠨᠢᠬᠦᠯᠦᠨ᠎ᠡ︶︔ ᠲᠦᠷᠦ ᠶᠢᠨ ᠪᠤᠳᠤᠯᠭ᠎ᠠ  ᠬᠦᠴᠦᠨ ᠲᠠᠢ ᠪᠤᠯᠬᠤ ᠠᠴᠠ ᠡᠮᠦᠨ᠎ᠡ ᠬᠤᠶᠠᠷ ᠵᠢᠯ ᠤᠨ ᠳᠤᠲᠤᠷᠠᠬᠢ ᠪᠡᠯᠡ ᠤᠷᠤᠭᠤᠯᠤᠯᠲᠠ ᠨᠢ ᠴᠤ ᠳᠡᠭᠡᠷᠡᠬᠢ  ᠬᠠᠷᠠᠭᠠᠯᠵᠠᠯ ᠢ ᠬᠦᠷᠲᠡᠨ᠎ᠡ᠃           ᠪᠠᠷᠢᠮᠲᠠ ᠭᠠᠷᠭᠠᠬᠤ ᠳᠤ ᠢᠯᠭᠠᠨ ᠲᠠᠨᠢᠬᠤ ᠨᠣᠮᠧᠷ ᠱᠠᠭᠠᠷᠳᠠᠭᠳᠠᠵᠤ᠂ ᠪᠢᠯᠧᠲ ᠠᠪᠬᠤ ᠳᠤ ᠭᠠᠶᠢᠯᠢ ᠠᠴᠠ  ᠵᠠᠶᠢᠯᠠᠬᠤ ᠶᠠᠪᠤᠳᠠᠯ ᠪᠣᠯᠣᠮᠵᠢ ᠦᠭᠡᠢ ᠪᠣᠯᠪᠠ     ᠰᠢᠨ᠎ᠡ ᠲᠣᠭᠲᠠᠭᠠᠯ ᠢ ᠦᠨᠳᠦᠰᠦᠯᠡᠪᠡᠯ᠂ 7 ᠳ᠋ᠤᠭᠠᠷ ᠰᠠᠷ᠎ᠠ ᠶᠢᠨ 1᠎ ᠤ ᠡᠳᠦᠷ ᠠᠴᠠ ᠡᠬᠢᠯᠡᠨ᠂ ᠬᠤᠳᠠᠯᠳᠤᠨ  ᠠᠪᠬᠤ ᠡᠲᠡᠭᠡᠳ ᠨᠢ ᠠᠵᠤ ᠠᠬᠤᠶᠢᠯᠠᠯ ᠪᠣᠯᠪᠠᠯ᠂ ᠦᠷᠳᠡᠭ ᠨᠡᠮᠡᠭᠳᠡᠯ ᠤᠨ ᠭᠠᠶᠢᠯᠢ ᠶᠢᠨ ᠡᠩ ᠤᠨ ᠪᠠᠷᠢᠮᠲᠠ ᠶᠢ  ᠠᠪᠬᠤ ᠳᠤ᠂ ᠪᠣᠷᠣᠯᠠᠭᠤᠯᠬᠤ ᠡᠲᠡᠭᠡᠳ ᠲᠤ ᠭᠠᠶᠢᠯᠢ ᠲᠤᠰᠢᠶᠠᠭᠴᠢ ᠶᠢ ᠢᠯᠭᠠᠨ ᠲᠠᠨᠢᠬᠤ ᠨᠣᠮᠧᠷ ᠪᠤᠶᠤ ᠨᠡᠶᠢᠭᠡᠮ ᠤᠨ  ᠢᠲᠡᠭᠡᠮᠵᠢ ᠶᠢᠨ ᠨᠢᠭᠡᠳᠦᠯᠲᠡᠶ ᠣᠷᠣᠯᠠᠬᠤ ᠨᠣᠮᠧᠷ ᠬᠠᠩᠭᠠᠬᠤ ᠬᠡᠷᠡᠭᠲᠡᠶ᠃ ᠪᠣᠷᠣᠯᠠᠭᠤᠯᠬᠤ ᠡᠲᠡᠭᠡᠳ ᠨᠢ ᠥᠷᠲᠡᠭ  ᠨᠡᠮᠡᠭᠳᠡᠯ ᠤᠨ ᠭᠠᠶᠢᠯᠢ ᠶᠢᠨ ᠡᠩ ᠤᠨ ᠪᠠᠷᠢᠮᠲᠠ ᠭᠠᠷᠭᠠᠵᠤ ᠥᠭᠬᠦ ᠦᠶ᠎ᠡ ᠳᠤ᠂ ︽ᠬᠤᠳᠠᠯᠳᠤᠨ ᠠᠪᠬᠤ ᠡᠲᠡᠭᠡᠳ  ᠪᠣᠯᠬᠤ ᠭᠠᠶᠢᠯᠢ ᠲᠤᠰᠢᠶᠠᠭᠴᠢ ᠶᠢ ᠢᠯᠭᠠᠨ ᠲᠠᠨᠢᠬᠤ ᠨᠣᠮᠧᠷ ︾ ᠪᠤᠯᠤᠩ ᠳᠤ ᠬᠤᠳᠠᠯᠳᠤᠨ ᠠᠪᠬᠤ ᠡᠲᠡᠭᠡᠳ ᠪᠣᠯᠬᠤ  ᠭᠠᠶᠢᠯᠢ ᠲᠤᠰᠢᠶᠠᠭᠴᠢ ᠶᠢ ᠢᠯᠭᠠᠨ ᠲᠠᠨᠢᠬᠤ ᠨᠣᠮᠧᠷ ᠪᠤᠶᠤ ᠨᠡᠶᠢᠭᠡᠮ ᠤᠨ ᠢᠲᠡᠭᠡᠮᠵᠢ ᠶᠢᠨ ᠨᠢᠭᠡᠳᠦᠯᠲᠡᠶ ᠣᠷᠣᠯᠠᠬᠤ  ᠨᠣᠮᠧᠷ ᠢ ᠲᠠᠭᠯᠠᠨ᠎ᠠ᠃ ᠲᠣᠭᠲᠠᠭᠠᠯ ᠳᠤ ᠨᠡᠶᠢᠴᠡᠬᠦ ᠦᠭᠡᠢ ᠪᠠᠷᠢᠮᠲᠠ ᠶᠢ ᠭᠠᠶᠢᠯᠢ ᠲᠠᠲᠠᠪᠤᠷᠢ ᠶᠢᠨ ᠪᠠᠷᠢᠮᠲᠠ ᠲᠡᠮᠳᠡᠭ  ᠪᠣᠯᠭᠠᠵᠤ ᠪᠣᠯᠬᠤ ᠦᠭᠡᠢ᠃      ᠭᠠᠶᠢᠯᠢ ᠶᠢᠨ ᠶᠠᠪᠤᠳᠠᠯ ᠤᠨ ᠥᠩᠭᠡᠷᠡᠭᠰᠡᠨ ᠤ ᠥᠭᠡᠷᠡᠴᠢᠯᠡᠯᠲᠡ ᠲᠠᠢ ᠠᠳᠠᠯᠢ ᠪᠤᠰᠤ ᠲᠠᠯ᠎ᠠ ᠭᠡᠪᠡᠯ ᠲᠤᠰ  ᠤᠳᠠᠭᠠᠨ ᠤ ᠲᠤᠬᠢᠷᠠᠭᠤᠯᠤᠯᠳᠠ ᠳᠤ ᠭᠠᠶᠢᠯᠢ ᠶᠢᠨ ᠳᠡᠰ ᠢᠯᠭᠠᠯ ᠢ ᠬᠦᠴᠦᠨ ᠦᠭᠡᠢ ᠪᠣᠯᠭᠠᠭᠰᠠᠨ ᠪᠠ ᠭᠠᠶᠢᠯᠢ ᠶᠢᠨ  ᠨᠤᠷᠮ᠎ᠠ ᠶᠢ ᠳᠣᠷᠣᠭᠰᠢᠯᠠᠭᠤᠯᠤᠭᠰᠠᠨ ᠠᠴᠠ ᠭᠠᠳᠠᠨ᠎ᠠ ᠪᠠᠰᠠ ᠡᠩ ᠤᠨ ᠪᠠᠷᠢᠮᠲᠠ ᠶᠢ ᠲᠣᠬᠢᠷᠠᠭᠤᠯᠬᠤ ᠬᠡᠪᠴᠢᠶᠡᠨ ᠳᠤ  ᠠᠩᠬ᠎ᠠ ᠣᠷᠣᠭᠤᠯᠤᠭᠰᠠᠨ ᠳᠤ ᠪᠤᠢ᠃    ᠠᠮᠢᠳᠤᠷᠠᠯ ᠳᠤ᠂ ᠴᠥᠭᠡᠨ ᠪᠤᠰᠤ ᠠᠵᠤ ᠠᠬᠤᠶᠢᠯᠠᠯ ᠨᠢ ᠡ᠊ᠩ ᠤᠨ ᠪᠠᠷᠢᠮᠲᠠ ᠬᠤᠳᠠᠯᠳᠤᠨ ᠠᠪᠬᠤ ᠪᠠᠷ  ᠳᠠᠮᠵᠢᠭᠤᠯᠵᠤ᠂ ᠣᠯᠵᠠᠪᠤᠷᠢ ᠶᠢᠨ ᠭᠠᠶᠢᠯᠢ ᠶᠢ ᠳᠤᠲᠠᠭᠤ ᠲᠤᠰᠢᠶᠠᠬᠤ ᠵᠣᠷᠢᠯᠭ᠎ᠠ ᠎ ᠳᠠᠭᠠᠨ ᠬᠦᠷᠳᠡᠭ᠂ ᠬᠠᠷᠢᠨ  ᠡ᠊ᠩ ᠤᠨ ᠪᠠᠷᠢᠮᠲᠠ ᠳᠤ ᠭᠠᠶᠢᠯᠢ ᠲᠤᠰᠢᠶᠠᠭᠴᠢ ᠶᠢ ᠢᠯᠭᠠᠨ ᠲᠠᠨᠢᠬᠤ ᠨᠣᠮᠧᠷ ᠪᠣᠯᠣᠨ ᠨᠢᠭᠡᠴᠡ ᠶᠢᠨ ᠨᠡᠷᠡᠶᠢᠳᠦᠯ ᠢ  ᠨᠡᠮᠡᠭᠰᠡᠨ ᠠᠴᠠ᠂ ᠡᠨᠡ ᠬᠢᠳᠡᠯ ᠨᠢ ᠶᠠᠪᠤᠭᠤᠷᠢ ᠦᠭᠡᠢ ᠪᠣᠯᠪᠠ᠃ ᠬᠤᠶᠢᠰᠢᠳᠠ᠂ ᠪᠠᠷᠠᠭ᠎ᠠ ᠠᠪᠤᠭᠰᠠᠨ ᠤ ᠳᠠᠷᠠᠭ᠎ᠠ  ᠠᠵᠤ ᠠᠬᠤᠶᠢᠯᠠᠯ ᠤᠨ ᠨᠡᠷ᠎ᠡ ᠪᠠᠷ ᠪᠠᠷᠢᠮᠲᠠ ᠭᠠᠷᠭᠠᠬᠤ ᠴᠢᠬᠤᠯᠠᠲᠠᠶ ᠪᠣᠯ ᠳᠠᠬᠢᠵᠤ ︽ᠢᠳᠡᠭᠡᠨ︾ ︽ᠡᠳᠦᠷ  ᠳᠤᠲᠤᠮ ᠤᠨ ᠬᠡᠷᠡᠭᠯᠡᠭᠡ ︾᠂ ︽ᠠᠯᠪᠠᠨ ᠠᠵᠢᠯ ᠤᠨ ᠬᠡᠷᠡᠭᠰᠡᠯ︾ ︽ᠪᠡᠯᠡᠭ︾ ᠵᠡᠷᠭᠡ ᠨᠡᠷᠡᠶᠢᠳᠦᠯ ᠢ ᠬᠡᠷᠡᠭᠯᠡᠵᠦ  ᠪᠣᠯᠬᠤ ᠦᠭᠡᠢ᠂ ᠡᠷᠬᠡᠪᠰᠢ ᠨᠠᠷᠢᠨ ᠳᠠᠩᠰᠠ ᠶᠣᠰᠣᠭᠠᠷ ᠦᠨᠡᠨ ᠮᠥᠨ ᠢᠶᠠᠷ ᠨᠢ ᠲᠠᠭᠯᠠᠬᠤ ᠬᠡᠷᠡᠭᠲᠡᠶ᠃      ᠪᠠᠷᠢᠮᠲᠠ ᠳᠤ ᠨᠢᠭᠡᠴᠡ ᠶᠢᠨ ᠨᠡᠷᠡᠶᠢᠳᠦᠯ ᠪᠣᠯᠣᠨ ᠭᠠᠶᠢᠯᠢ ᠶᠢᠨ ᠨᠣᠮᠧᠷ ᠢ ᠨᠡᠮᠡᠭᠰᠡᠨ ᠤ ᠲᠠᠷᠠᠭ᠎ᠠ᠂ ᠪᠠᠰᠠ  ᠪᠠᠷᠢᠮᠲᠠ ᠶᠢᠨ ᠭᠦᠢᠯᠭᠡᠭᠡᠨ ᠤ ᠬᠠᠨᠳᠤᠰᠢ ᠶᠢ ᠮᠥᠷᠳᠡᠵᠦ ᠪᠣᠯᠣᠨ᠎ᠠ᠃ ᠵᠠᠳᠠᠯᠤᠭᠴᠢ ᠶᠢᠨ ᠦᠵᠡᠬᠦ ᠪᠠᠷ᠂ ᠲᠤᠰ  ᠤᠳᠠᠭᠠᠨ ᠤ ᠭᠠᠶᠢᠯᠢ ᠶᠢᠨ ᠶᠠᠪᠤᠳᠠᠯ ᠤᠨ ᠥᠭᠡᠷᠡᠴᠢᠯᠡᠯᠲᠡ ᠨᠢ ᠲᠤᠰᠬᠠᠶ ᠪᠠᠷᠢᠮᠲᠠ ᠳᠤ ᠬᠠᠨᠳᠤᠭᠤᠯᠤᠭᠰᠠᠨ ᠬᠠᠭᠤᠴᠢᠨ  ᠠᠷᠭ᠎ᠠ ᠶᠢ ᠡᠩ ᠤᠨ ᠪᠠᠷᠢᠮᠲᠠ ᠳᠡᠭᠡᠷ᠎ᠡ ᠰᠢᠯᠵᠢᠭᠦᠯᠦᠨ ᠬᠡᠷᠡᠭᠯᠡᠭᠰᠡᠨ ᠶᠠᠪᠤᠳᠠᠯ ᠪᠣᠯᠣᠨ᠎ᠠ᠃ ᠭᠡᠪᠡᠴᠦ ᠡᠩ ᠤᠨ  ᠪᠠᠷᠢᠮᠲᠠ ᠶᠢᠨ ᠬᠡᠷᠡᠭᠯᠡᠬᠦ ᠬᠡᠪᠴᠢᠶ᠎ᠡ ᠪᠣᠯᠤᠨ ᠬᠥᠮᠥᠨ ᠨᠢ ᠲᠤᠰᠬᠠᠶ ᠪᠠᠷᠢᠮᠲᠠ ᠬᠡᠷᠡᠭᠯᠡᠬᠦ ᠠᠴᠠ ᠬᠤᠯᠠ ᠥᠷᠭᠡᠨ  ᠳᠡᠯᠭᠡᠷᠡᠩᠭᠦᠢ ᠪᠣᠯᠬᠤᠷ᠂ ᠡ᠊ᠨᠡ ᠬᠦ  ᠪᠠᠷᠢᠮᠲᠠ ᠶᠢᠨ ᠲᠤᠬᠠᠢ ᠰᠢᠨ᠎ᠡ ᠲᠣᠭᠲᠠᠭᠠᠯ ᠨᠢ ᠪᠠᠰᠠ ︽ᠬᠠᠮᠤᠭ ᠤᠨ ᠴᠢᠩᠭ᠎ᠠ  ᠪᠠᠷᠢᠮᠲᠠ ᠶᠢᠨ ᠵᠠᠷᠯᠢᠭ︾ ᠭᠡᠮᠡᠭᠳᠡᠪᠡ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1