| ᠶᠣᠸᠠᠨ ᠪᠣᠣ ᠱᠠᠨ ᠲᠣᠭᠤᠷᠢᠭ ᠪᠣᠯ ᠶᠠᠨ ᠱᠠᠨ ᠨᠢᠷᠣᠭᠤᠨ ᠤ ᠦᠷᠭᠦᠯᠵᠢᠯᠡᠭᠰᠡᠨ ᠬᠡᠰᠡᠭ ᠲᠤ ᠪᠠᠶᠢᠷᠢᠰᠢᠵᠣ | ᠪᠣᠭᠤᠨᠢ ᠠᠭᠤᠯᠠ ᠲᠣᠪᠣᠴᠠᠭ ᠣᠯᠠᠨ᠂ ᠭᠠᠵᠠᠷ ᠤᠨ ᠪᠠᠶᠢᠴᠠ ᠪᠠᠷᠠᠭᠤᠨ ᠡᠮᠦᠨᠡᠰᠢ ᠦᠨᠳᠦᠷ᠂ ᠵᠡᠭᠦᠨ ᠬᠤᠶᠢᠰᠢ | ᠳᠣᠣᠷ᠎ᠠ᠂ ᠲᠠᠯᠠᠢ ᠶᠢᠨ ᠲᠦᠪᠰᠢᠨ ᠠᠴᠠ ᠳᠡᠭᠡᠭᠰᠢ500~700 ᠮᠧᠲᠷ ᠡᠷᠭᠦᠭᠳᠡᠵᠦ᠂ ᠬᠢᠵᠠᠭᠠᠷ ᠲᠣᠲᠣᠷᠠᠬᠢ | ᠬᠠᠮᠤᠭ ᠦᠨᠳᠦᠷ ᠣᠷᠭᠢᠯ ︵ᠲᠡᠮᠡᠭᠡᠲᠦ ᠠᠭᠤᠯᠠ骆驼山︶ ᠳᠠᠯᠠᠢ ᠶᠢᠨ ᠲᠦᠪᠰᠢᠨ ᠠᠴᠠ ᠳᠡᠭᠡᠭᠰᠢ1135. | 2 ᠮᠧᠲᠷ ᠡᠷᠭᠦᠭᠳᠡᠵᠦ᠂ ᠬᠠᠮᠤᠭ ᠳᠣᠣᠷ᠎ᠠ ︵ ᠳ᠋ᠠ ᠪᠧᠢ ᠬᠠᠢ ︶ ᠳᠠᠯᠠᠢ ᠶᠢᠨ ᠲᠦᠪᠰᠢᠨ ᠠᠴᠠ448.0 ᠮᠧᠲᠷ | ᠡᠷᠭᠦᠭᠳᠡᠵᠦ ᠪᠠᠶᠢᠳᠠᠭ᠃ ᠰᠡᠷᠢᠭᠦᠨ ᠪᠦᠰᠡᠨ ᠤ ᠬᠠᠭᠠᠰ ᠬᠠᠭᠤᠷᠠᠢ ᠡᠬᠡ ᠬᠠᠭᠤᠷᠠᠢ ᠶᠢᠨ ᠴᠢᠨᠠᠷᠲᠠᠢ ᠠᠭᠤᠷ | ᠠᠮᠢᠰᠬᠤᠯ ᠳᠤ ᠬᠠᠷᠢᠶᠠᠯᠠᠭᠳᠠᠵᠣ ᠂ ᠵᠢᠯ ᠤᠨ ᠳᠣᠮᠳᠠᠴᠢ ᠠᠭᠠᠷ ᠤᠨ ᠳᠣᠯᠠᠭᠠᠨ 7~8 ℃᠂ ᠨᠢᠭᠡᠳᠦᠭᠡᠷ ᠰᠠᠷ᠎ᠠ ᠶᠢᠨ | ᠳᠣᠮᠳᠠᠴᠢ ᠠᠭᠠᠷ ᠤᠨ ᠳᠣᠯᠠᠭᠠᠨ —10 ℃ ᠣᠷᠴᠢᠮ ᠪᠠᠶᠢᠵᠣ᠂ ᠳᠣᠯᠣᠳᠣᠭᠠᠷ ᠰᠠᠷ᠎ᠠ ᠶᠢᠨ ᠳᠣᠮᠳᠠᠴᠢ | ᠠᠭᠠᠷ ᠤᠨ ᠳᠣᠯᠠᠭᠠᠨ23 ℃ ᠂ ᠣᠨᠴᠠᠭᠠᠢ ᠠᠭᠠᠷ ᠤᠨ ᠳᠣᠯᠠᠭᠠᠨ —31.2 ~ 42.7 ℃ ᠬᠦᠷᠳᠡᠭ᠃ | ᠵᠢᠯ ᠤᠨ ᠨᠠᠷᠠᠨ ᠤ ᠳᠣᠰᠣᠯᠲᠠ2700 ~ 3000 ᠴᠠᠭ᠂ ᠵᠢᠯ ᠤᠨ ᠲᠣᠨᠣᠳᠠᠰᠣᠨ ᠬᠡᠮᠵᠢᠶ᠎ᠡ 340 ᠮᠢᠯᠢᠮᠧᠲᠷ᠂ | ᠬᠢᠷᠠᠭᠤ ᠣᠨᠠᠬᠤ ᠦᠭᠡᠢ ᠬᠤᠭᠤᠴᠠᠭ᠎ᠠ140~150 ᠡᠳᠦᠷ ᠪᠠᠶᠢᠳᠠᠭ᠃ | ᠶᠣᠸᠠᠨ ᠪᠣᠣ ᠱᠠᠨ ᠲᠣᠭᠤᠷᠢᠭ ᠪᠣᠯ ᠣᠯᠣᠰ ᠤᠨ ᠭᠤᠣᠯᠳᠠᠯᠭ᠎ᠠ ᠲᠠᠢ ᠡᠨᠧᠷᠭᠢ ᠶᠢᠨ ᠰᠠᠭᠤᠷᠢᠨ ᠭᠠᠵᠠᠷ ᠤᠨ | ᠨᠢᠭᠡ᠂ ᠪᠠᠶᠢᠭᠠᠯᠢ ᠶᠢᠨ ᠡᠬᠢ ᠪᠠᠶᠠᠯᠢᠭ ᠡᠯᠪᠡᠭ᠂ ᠨᠡᠭᠡᠭᠡᠨ ᠠᠰᠢᠭᠯᠠᠬᠤ ᠨᠦᠭᠡᠴᠡ ᠪᠣᠯᠣᠯᠴᠠᠭ᠎ᠠ ᠶᠡᠭᠡ᠃ ᠨᠡᠭᠦᠷᠡᠰᠦ᠂ | ᠠᠯᠲᠠ᠂ ᠵᠡᠰ᠂ ᠲᠡᠮᠦᠷ ᠵᠡᠷᠭᠡ ᠠᠭᠤᠷᠬᠠᠢ ᠶᠢᠨ ᠭᠠᠷᠣᠯᠲᠠ ᠶᠢᠨ ᠭᠠᠵᠠᠷ14 ᠪᠠᠶᠢᠵᠣ᠂ ᠡᠭᠦᠨ ᠤ ᠳᠣᠲᠣᠷ᠎ᠠ | ᠨᠢᠭᠡᠨᠲᠡ ᠬᠠᠶᠢᠨ ᠲᠤᠳᠣᠯᠠᠭᠰᠠᠨ ᠳᠣᠮᠳᠠ ᠬᠡᠯᠪᠡᠷᠢ ᠶᠢᠨ ᠬᠦᠳᠡᠷ ᠤᠨ ᠬᠡᠪᠲᠡᠰᠢ 5᠂ ᠪᠠᠭ᠎ᠠ ᠬᠡᠯᠪᠡᠷᠢ ᠶᠢᠨ | ᠬᠦᠳᠡᠷ ᠤᠨ ᠬᠡᠪᠲᠡᠰᠢ 1 ᠂ ᠠᠭᠤᠷᠬᠠᠢ ᠶᠢᠨ ᠴᠡᠭ 5 ︵ᠲᠡᠮᠦᠷ ᠤᠨ ᠠᠭᠤᠷᠬᠠᠢ ᠶᠢᠨ ᠴᠡᠭ1᠂ ᠵᠡᠰ ᠤᠨ | ᠠᠭᠤᠷᠬᠠᠢ ᠶᠢᠨ ᠴᠡᠭ 2᠂ ᠠᠯᠲᠠᠨ ᠤ ᠠᠭᠤᠷᠬᠠᠢ ᠶᠢᠨ ᠴᠡᠭ 2︶᠂ ᠬᠦᠳᠡᠷᠵᠢᠯᠲᠡ ᠶᠢᠨ ᠴᠡᠭ 3 ᠪᠠᠶᠢᠨ᠎ᠠ᠃ | ᠴᠢᠯᠠᠭᠤᠨ ᠲᠣᠰᠣ ᠪᠣᠯᠣᠨ ᠪᠠᠶᠢᠭᠠᠯᠢ ᠶᠢᠨ ᠰᠢᠲᠠᠮᠠᠬᠠᠢ ᠬᠡᠢ᠂ ᠴᠠᠬᠢᠭᠤᠷ ᠴᠢᠯᠠᠭᠤ᠂ ᠴᠣᠬᠤᠢ ᠶᠢᠨ ᠴᠢᠯᠠᠭᠤ ︵ | ᠭᠠᠨᠳᠢᠭ ᠴᠢᠯᠠᠭᠤᠯᠢᠭ ᠪᠠᠭᠲᠠᠨ᠎ᠠ︶᠂ ᠨᠠᠩᠭᠢ ᠰᠢᠷᠣᠢ᠂ ᠰᠠᠯᠬᠢᠨ ᠠᠴᠠ ᠪᠣᠯᠣᠭᠰᠠᠨ ᠢᠳᠡᠭᠳᠡᠯ ᠡᠯᠡᠰᠦ ᠵᠢᠴᠢ | ᠡᠯ᠎ᠡ ᠵᠦᠢᠯ ᠤᠨ ᠴᠢᠯᠠᠭᠤᠨ ᠮᠠᠲ᠋ᠧᠷᠢᠶᠠᠯ ᠵᠡᠷᠭᠡ ᠶᠢᠨ ᠬᠠᠳᠠᠭᠠᠯᠠᠭᠳᠠᠴᠠ ᠡᠯᠪᠡᠭ᠃ ᠨᠡᠭᠦᠷᠡᠰᠦᠨ ᠤ | ᠬᠠᠳᠠᠭᠠᠯᠠᠭᠳᠠᠴᠠ21 ᠳ᠋ᠣᠩᠰᠢᠭᠤᠷ ᠲᠣᠨ ᠪᠠᠶᠢᠵᠣ᠂ ᠮᠠᠯᠲᠠᠵᠣ ᠪᠣᠯᠬᠤ ᠬᠠᠳᠠᠭᠠᠯᠠᠭᠳᠠᠴᠠ17ᠳ᠋ᠣᠩᠰᠢᠭᠤᠷ ᠲᠣᠨ | ᠪᠠᠶᠢᠨ᠎ᠠ᠃ | ᠶᠣᠸᠠᠨ ᠪᠣᠣ ᠱᠠᠨ ᠲᠣᠭᠤᠷᠢᠭ ᠲᠤ ᠽᠠᠩ ᠯᠦᠩ ᠱᠠᠨ ᠣᠢ ᠶᠢᠨ ᠴᠡᠴᠡᠷᠯᠢᠭ᠂ ᠶᠦᠨ ᠱᠠᠨ ᠵᠠᠮ ᠤᠨ ᠲᠠᠯ᠎ᠠ | ᠨᠣᠲᠤᠭ ᠤᠨ ᠰᠢᠩ ᠹᠠ ᠠᠵᠣ ᠦᠢᠯᠡᠳᠪᠦᠷᠢ ᠶᠢᠨ ᠲᠣᠭᠤᠷᠢᠭ᠂ ᠶᠣᠸᠠᠨ ᠪᠣᠣ ᠱᠠᠨ ᠴᠡᠴᠡᠷᠯᠢᠭ ᠤᠨ ᠳᠣᠮᠳᠠᠬᠢ | ᠴᠡᠴᠡᠷᠯᠢᠭ᠂ ᠫᠢᠩᠵᠣᠸᠠᠩ ᠴᠡᠴᠡᠷᠯᠢᠭ᠂ ᠫᠢᠩᠵᠣᠸᠠᠩ ᠵᠡᠭᠡᠯᠢ ᠶᠢᠨ ᠲᠦᠪ ᠴᠡᠴᠡᠷᠯᠢᠭ᠂ ᠨᠢᠣ ᠲᠸᠣ ᠱᠠᠨ | ᠴᠡᠩᠬᠡᠯ ᠤᠨ ᠬᠦᠷᠢᠶᠡᠯᠡᠩ᠂ ᠳ᠋ᠠ ᠾᠸᠢ ᠱᠠᠨ ᠣᠢ ᠶᠢᠨ ᠴᠡᠴᠡᠷᠯᠢᠭ᠂ ᠫᠢᠩᠵᠣᠸᠠᠩ ᠴᠡᠩᠬᠡᠯ ᠤᠨ ᠣᠷᠳᠣᠨ ᠵᠡᠷᠭᠡ | ᠨᠠᠢᠮᠠᠨ ᠪᠣᠬᠢᠷᠳᠣ ᠦᠭᠡᠢ ᠰᠡᠯᠡᠭᠦᠴᠡᠯ ᠤᠨ ᠴᠡᠴᠡᠷᠯᠢᠭ ᠲᠠᠢ᠂ ᠡᠭᠦᠨ ᠤ ᠳᠣᠮᠳᠠᠬᠢ ᠽᠠᠩ ᠯᠦᠩ ᠱᠠᠨ ᠣᠢ ᠶᠢᠨ | ᠴᠡᠴᠡᠷᠯᠢᠭ ᠣᠯᠣᠰ ᠤᠨ ᠪᠦᠲᠦᠭᠡᠨ ᠪᠠᠶᠢᠭᠤᠯᠣᠯᠲᠠ ᠶᠢᠨ ᠲᠦᠯᠦᠪᠯᠡᠭᠡ ᠳᠤ ᠣᠷᠣᠵᠣ᠂ ᠨᠣᠭᠤᠭᠠᠷᠠᠯᠲᠠ ᠶᠢᠨ ᠭᠤᠣᠯ | ᠰᠡᠳᠦᠪᠲᠦ ᠰᠢᠩ ᠯᠦᠩ ᠵᠣᠸᠠᠩ ᠲᠣᠰᠬᠤᠨ ᠨᠢ ᠣᠯᠣᠰ ᠤᠨ ᠨᠣᠭᠤᠭᠠᠷᠠᠭᠤᠯᠣᠯᠲᠠ ᠶᠢᠨ ᠺᠣᠮᠢᠰ ᠤᠨ | ᠣᠶᠢᠵᠢᠭᠤᠯᠵᠣ ᠨᠣᠭᠤᠭᠠᠷᠠᠭᠤᠯᠬᠤ ︽ ᠮᠢᠩᠭᠠᠨ ᠡᠷᠣᠭᠡᠳᠣ ᠲᠣᠰᠬᠤᠨ ︾ ᠭᠡᠬᠦ ᠰᠠᠶᠢᠬᠠᠨ ᠠᠯᠳᠠᠷ ᠢ ᠭᠦᠷᠲᠡᠭᠰᠡᠨ | ᠪᠠᠶᠢᠨ᠎ᠠ᠃ | | | | | 资源地理 |