ᠲᠡᠤᠭᠡᠨ  ᠬᠤᠪᠢᠷᠠᠯ
ᠨᠡᠶᠢᠲᠡᠯᠡᠭᠰᠡᠨ ᠴᠠᠭ᠄
2017/9/28
 ᠲᠡᠤᠭᠡᠨ  ᠬᠤᠪᠢᠷᠠᠯ     1911 ᠤᠨ ᠳᠤ᠂ ᠤᠯᠠᠭᠠᠨᠬᠠᠳᠠ ᠬᠤᠳᠠ ᠶᠢᠨ ᠭᠦᠩ ᠵᠢᠶᠠ ᠳ᠋ᠢ ᠰᠢᠶᠠᠩ ᠤᠨ ᠬᠠᠷᠢᠶᠠᠳᠤ 19 ᠲᠤᠰᠬᠤᠨ  ︵ᠵᠠᠰᠠᠭ ᠤᠨ ᠰᠠᠭᠤᠭ᠎ᠠ ᠭᠠᠵᠠᠷ ᠳ᠋ᠠᠢ ᠾᠧ ᠴᠠᠩ᠂ ᠤᠳᠤ ᠤᠩᠨᠢᠭᠤᠳ ᠬᠤᠰᠢᠭᠤᠨ ᠤ ᠵᠢᠶᠧ ᠹᠧᠩ ᠶᠢᠩ ᠽᠢ ᠰᠢᠶᠠᠩ ᠳᠤ ᠬᠠᠷᠢᠶᠠᠯᠠᠭᠳᠠᠵᠦ ᠪᠤᠢ︶᠂ ᠡᠭᠦᠨ ᠳᠤ ᠵᠢᠶᠠᠨ ᠴᠠᠩ ᠶᠢᠩ᠂ ᠮᠤᠳᠤᠳᠤ ᠭᠤᠤ᠂ ᠨᠠᠢᠮᠠᠨ ᠭᠡᠷ᠂ ᠬᠠᠷ᠎ᠠ ᠮᠤᠳᠤ ᠲᠤᠰᠬᠤᠨ ᠵᠡᠷᠭᠡ ᠪᠤᠢ︔ ᠰᠠᠨ ᠶᠠᠨ ᠵᠢᠩ ᠰᠢᠶᠠᠩ  ︵ᠵᠠᠭᠢᠷᠭ᠎ᠠ ᠰᠠᠨ ᠶᠠᠨ ᠵᠢᠩ︶᠎ ᠤᠨ ᠬᠠᠷᠢᠶᠠᠳᠤ 11 ᠲᠤᠰᠬᠤᠨ  ︵ᠱᠧᠨ ᠳ᠋ᠠ ᠹᠧᠨ᠂ ᠽᠢ ᠳ᠋ᠤᠤ ᠵᠢᠩ ᠽᠢ᠂ ᠰᠢᠨ ᠵᠢᠩ ᠽᠢ᠂ ᠰᠠᠨ ᠳ᠋ᠤᠤ ᠵᠢᠩ ᠽᠢ᠂ ᠡᠯ ᠳ᠋ᠤᠤ ᠵᠢᠩ ᠽᠢ᠂ ᠲᠸᠤ ᠳ᠋ᠤᠤ ᠵᠢᠩ ᠽᠢ᠂ ᠽᠢ ᠯᠧᠩ ᠽᠢ ᠭᠸᠤ᠂ ᠲᠠᠪᠤᠬᠤᠰᠤ ᠲᠤᠰᠬᠤᠨ ᠪᠠᠭᠳᠠᠨ᠎ᠠ︶᠃     ᠢᠷᠭᠡᠨ ᠤᠯᠤᠰ ᠤᠨ ᠬᠤᠷᠢᠳᠤᠭᠠᠷ ᠤᠨ ︵1931 ᠤᠨ︶᠎ ᠤ 9 ᠰᠠᠷ᠎ᠠ ᠶᠢᠨ 1᠎ ᠤ ᠡᠳᠤᠷ᠂ ᠤᠯᠠᠭᠠᠨᠬᠠᠳᠠ ᠰᠢᠶᠠᠨ ᠢ 5 ᠲᠤᠭᠤᠷᠢᠭ 8 ᠪᠠᠯᠭᠠᠰᠤ 124 ᠰᠢᠶᠠᠩ ᠪᠤᠯᠭᠠᠨ ᠬᠤᠪᠢᠶᠠᠷᠢᠯᠠᠪᠠ᠃ ᠰᠠᠨ ᠶᠠᠨ ᠵᠢᠩ᠂ ᠲᠡᠤᠯᠠᠶᠢᠳᠤ ᠎ ᠶᠢ ᠨᠢᠭᠡᠳᠤᠭᠡᠷ ᠲᠤᠭᠤᠷᠢᠭ᠂ ᠬᠠᠷᠢᠶᠠᠨ ᠳᠤᠨᠢ 5 ᠪᠠᠯᠭᠠᠰᠤ 23 ᠰᠢᠶᠠᠩ ︵ᠬᠠᠷᠠᠪᠤᠳᠤ᠂ ᠡᠯ ᠳ᠋ᠤᠤ ᠵᠢᠩ ᠽᠢ᠂  ᠰᠠᠨ ᠳ᠋ᠤᠤ ᠵᠢᠩ ᠽᠢ᠂  ᠱᠧᠨ ᠳ᠋ᠠ ᠹᠧᠨ᠂ ᠰᠢᠨ ᠵᠢᠩ ᠰᠢᠶᠠᠩ ᠪᠠᠭᠳᠠᠨ᠎ᠠ︶︔ ᠵᠢᠶᠠᠩ ᠴᠠᠩ ᠶᠢᠩ᠂ ᠠᠩᠴᠢᠠᠭᠤᠤ ᠶᠢ ᠬᠤᠶᠠᠳᠤᠭᠠᠷ ᠲᠤᠭᠤᠷᠢᠭ᠂ ᠬᠠᠷᠢᠶᠠᠨ ᠳᠤᠨᠢ 1 ᠪᠠᠯᠭᠠᠰᠤ᠂ 25 ᠰᠢᠶᠠᠩ ︵ᠵᠢᠶᠠᠨ ᠱᠧ ᠶᠢᠩ ᠪᠠᠯᠭᠠᠰᠤ᠂ ᠢᠤᠢ ᠬᠤᠸᠠᠩ᠂ ᠮᠤᠳᠤᠳᠤ ᠭᠤᠤ᠂ ᠰᠢᠩ ᠯᠦᠩ ᠸᠠ᠂ ᠯᠤᠤ ᠮᠸᠢ ᠶᠤᠤ᠂ ᠡᠤ ᠵᠢᠶᠠ᠂ ᠪᠸᠢ ᠳ᠋ᠠ ᠮᠢᠶᠤᠤ᠂ ᠰᠢᠩ ᠯᠦᠩ ᠫᠦᠸᠧ᠂ ᠳ᠋ᠠ ᠪᠸᠢ ᠬᠠᠢ ᠰᠢᠶᠠᠩ ᠵᠡᠷᠭᠡ ᠪᠠᠭᠳᠠᠨ᠎ᠠ︶᠃     ᠢᠷᠭᠡᠨ ᠤᠯᠤᠰ ᠤᠨ ᠬᠤᠷᠢᠨ ᠲᠠᠪᠤᠳᠤᠭᠠᠷ ᠤᠨ ᠤ ︵1936 ᠤᠨ︶ 8 ᠰᠠᠷ᠎ᠠ ᠳᠤ᠂ ᠬᠠᠭᠤᠷᠮᠠᠭ ᠮᠠᠨᠵᠦ ᠎ ᠶᠢᠨ ᠿᠧ ᠾᠧ ᠮᠤᠵᠢ ᠶᠢᠨ ᠵᠠᠭᠢᠷᠭ᠎ᠠ ᠶᠢᠨ ︽ᠲᠦᠷ ᠭᠡᠷᠡᠭᠵᠢᠭᠦᠯᠭᠦ ᠵᠡᠭᠡᠯᠢ ᠲᠤᠰᠬᠤᠨ ᠤ ᠲᠦᠷᠢᠮ ᠲᠤᠭᠳᠠᠭᠠᠯ︾ ᠎ ᠤᠨ ᠲᠤᠭᠤᠷᠢᠭ ᠰᠢᠶᠠᠩ ︵ᠪᠠᠯᠭᠠᠰᠤ︶᠎ ᠶᠢ ᠦᠭᠡᠶᠢᠰᠭᠡᠵᠦ᠂ ᠵᠡᠭᠡᠯᠢ ᠲᠤᠰᠬᠤᠨ ᠢ ᠪᠠᠶᠢᠭᠤᠯᠬᠤ ᠶᠤᠰᠤᠭᠠᠷ᠂ ᠵᠢᠶᠠᠨ ᠴᠠᠩ ᠶᠢᠩ ᠢ ᠨᠢᠭᠡᠳᠤᠭᠡᠷ ᠲᠡᠰ ᠤᠨ ᠲᠤᠰᠬᠤᠨ᠂ ᠢᠤᠢ ᠬᠤᠸᠠᠩ᠂ ᠬᠠᠷᠠᠮᠤᠳᠤ ᠶᠢ ᠬᠤᠶᠠᠳᠤᠭᠠᠷ ᠲᠡᠰ ᠤᠨ ᠲᠤᠰᠬᠤᠨ ᠪᠤᠯᠭᠠᠪᠠ᠃     ᠢᠷᠭᠡᠨ ᠤᠯᠤᠰ ᠤᠨ ᠬᠤᠷᠢᠨ ᠲᠤᠯᠤᠳᠤᠭᠠᠷ ᠤᠨ ︵1938 ᠤᠨ︶ 10 ᠰᠠᠷ᠎ᠠ ᠶᠢᠨ 1᠎ ᠤ ᠡᠳᠤᠷ᠂ ᠬᠠᠭᠤᠷᠮᠠᠭ ᠮᠠᠨᠵᠦ ᠶᠢᠨ ᠿᠧ ᠾᠧ ᠮᠤᠵᠢ ᠶᠢᠨ ᠵᠠᠭᠢᠷᠭ᠎ᠠ ᠶᠢᠨ ︽ᠿᠧ ᠾᠧ ᠮᠤᠵᠢ ᠶᠢᠨ ᠵᠡᠭᠡᠯᠢ ᠲᠤᠰᠬᠤᠨ ᠤ ᠤᠷᠤᠨ ᠪᠠᠶᠢᠴᠠ ᠶᠢᠨ ᠭᠡᠷᠡᠭᠵᠢᠭᠦᠯᠭᠦ ᠭᠡᠪᠴᠢᠶ᠎ᠡ︾᠎ ᠶᠢ ᠦᠨᠳᠤᠰᠤᠯᠡᠵᠦ᠂ ᠬᠠᠭᠤᠷᠮᠠᠭ ᠮᠠᠨᠵᠦ ᠶᠢᠨ ᠤᠩᠨᠢᠭᠤᠳ ᠪᠠᠷᠠᠭᠤᠨ ᠬᠤᠰᠢᠭᠤᠨ ᠤ 12 ᠲᠤᠰᠬᠤᠨ ᠢ ᠦᠭᠡᠶᠢᠰᠭᠡᠵᠦ᠂ ᠭᠢᠵᠠᠭᠠᠷ ᠳᠠᠬᠢ ᠢᠤᠢ ᠬᠤᠸᠠᠩ ᠲᠤᠰᠬᠤᠨ ᠢ ᠵᠢᠶᠠᠨ ᠴᠠᠩ ᠶᠢᠩ ᠲᠤᠰᠬᠤᠨ ᠲᠠᠢ ᠨᠡᠶᠢᠯᠡᠭᠦᠯᠵᠦ᠂ 28 ᠵᠡᠭᠡᠯᠢ ᠲᠤᠰᠬᠤᠨ ︵ᠵᠢᠶᠠᠨ ᠴᠠᠩ ᠶᠢᠩ᠂ ᠬᠠᠷᠠᠮᠤᠳᠤ ᠲᠤᠰᠬᠤᠨ ᠪᠠᠭᠳᠠᠨ᠎ᠠ︶  ᠪᠤᠯᠭᠠᠪᠠ᠃ ᠬᠠᠷᠠᠴᠢᠨ ᠪᠠᠷᠠᠭᠤᠨ ᠬᠤᠰᠢᠭᠤ ᠶᠢ 16 ᠵᠡᠭᠡᠯᠢ ᠲᠤᠰᠬᠤᠨ ︵ᠫᠢᠩ ᠵᠤᠸᠠᠩ ᠲᠤᠰᠬᠤᠨ ᠪᠠᠭᠳᠠᠨ᠎ᠠ︶ ᠪᠤᠯᠭᠠᠪᠠ᠃     ᠢᠷᠭᠡᠨ ᠤᠯᠤᠰ ᠤᠨ ᠬᠤᠷᠢ ᠶᠢᠰᠤᠳᠤᠭᠡᠷ ᠤᠨ ︵1940 ᠤᠨ︶ 1 ᠰᠠᠷ᠎ᠠ ᠶᠢᠨ 1᠎ ᠠᠴᠠ ᠢᠷᠭᠡᠨ ᠤᠯᠤᠰ ᠎ ᠤᠨ ᠭᠤᠴᠢᠨ ᠲᠦᠷᠪᠡᠳᠦᠭᠡᠷ ᠤᠨ ︵1945 ᠤᠨ︶ 8 ᠰᠠᠷ᠎ᠠ ᠶᠢᠨ 15᠎ ᠤ ᠡᠳᠤᠷ᠂ ᠰᠢᠶᠠᠨ ᠢ ᠬᠤᠰᠢᠭᠤ ᠲᠠᠢ ᠨᠢᠭᠡᠳᠭᠡᠵᠦ᠂ ᠬᠠᠭᠤᠷᠮᠠᠭ ᠮᠠᠨᠵᠦ ᠶᠢᠨ ᠤᠩᠨᠢᠭᠤᠳ ᠪᠠᠷᠠᠭᠤᠨ ᠬᠤᠰᠢᠭᠤ ᠶᠢ 1 ᠵᠡᠭᠡᠯᠢ 27 ᠲᠤᠰᠬᠤᠨ᠂ ᠬᠠᠷᠠᠮᠤᠳᠤ ︵ᠰᠠᠭᠤᠭ᠎ᠠ ᠭᠠᠵᠠᠷ ᠬᠠᠷᠠᠮᠤᠳᠤ︶᠂ ᠵᠢᠶᠠᠨ ᠴᠠᠩ ᠶᠢᠩ ᠲᠤᠰᠬᠤᠨ ︵ᠰᠠᠭᠤᠭ᠎ᠠ ᠭᠠᠵᠠᠷ ᠵᠢᠶᠠᠨ ᠴᠠᠩ ᠶᠢᠩ︶᠃     ᠢᠷᠭᠡᠨ ᠤᠯᠤᠰ ᠤᠨ ᠭᠤᠴᠢᠨ ᠲᠠᠪᠤᠳᠤᠭᠠᠷ ᠤᠨ ︵1946 ᠤᠨ︶ 9 ᠰᠠᠷ᠎ᠠ ᠳᠤ᠂ ᠫᠢᠩ ᠵᠤᠸᠠᠩ ᠨᠤᠳᠤᠭ ᠤᠨ ᠬᠠᠷᠢᠶᠠᠨ ᠳᠤ 21 ᠵᠠᠰᠠᠭ ᠵᠠᠭᠢᠷᠭᠠᠨ ᠤ ᠲᠤᠰᠬᠤᠨ ᠲᠠᠢ᠃    ᠢᠷᠭᠡᠨ ᠤᠯᠤᠰ ᠤᠨ ᠭᠤᠴᠢᠨ ᠵᠢᠷᠭᠤᠳᠤᠭᠠᠷ ᠤᠨ ︵1947 ᠤᠨ︶ 10 ᠰᠠᠷ᠎ᠠ ᠶᠢᠨ 1᠎ ᠤ ᠡᠳᠤᠷ᠂ ᠱᠧᠨ ᠳ᠋ᠠ ᠹᠧᠨ ᠲᠤᠰᠬᠤᠨ ᠤ ᠵᠠᠰᠠᠭ ᠤᠨ ᠤᠷᠳᠤᠨ ᠪᠠᠶᠢᠭᠤᠯᠤᠭᠳᠠᠵᠦ᠂ ᠵᠢᠶᠠᠨ ᠵᠦᠩ ᠰᠢᠶᠠᠨ ᠤ ᠫᠢᠩ ᠵᠤᠸᠠᠩ ᠲᠤᠭᠤᠷᠢᠭ ᠲᠤ ᠬᠠᠷᠢᠶᠠᠯᠠᠭᠳᠠᠵᠠᠢ᠃    1949 ᠤᠨ ᠤ 11 ᠰᠠᠷ᠎ᠠ᠂ ᠲᠠᠪᠤᠨᠭᠡᠷ ᠲᠤᠰᠬᠤᠨ ᠤ ᠠᠯᠪᠠᠨ ᠵᠠᠭᠢᠷᠭ᠎ᠠ ᠪᠠᠶᠢᠭᠤᠯᠭᠳᠠᠵᠦ᠂ ᠬᠠᠷᠠᠴᠢᠨ ᠬᠤᠰᠢᠭᠤᠨ ᠤ ᠲᠤᠯᠤᠳᠤᠭᠠᠷ ᠲᠤᠭᠤᠷᠢᠭ ︵ᠪᠠᠷᠠᠭᠤᠨ ᠭᠦᠭᠦᠷᠭᠡ︶᠎ ᠲᠤ ᠬᠠᠷᠢᠶᠠᠯᠠᠭᠳᠠᠵᠠᠢ᠃    1955 ᠤᠨ ᠤ 12 ᠰᠠᠷ᠎ᠠ᠂ ᠱᠧᠨ ᠳ᠋ᠠ ᠹᠧᠨ ᠲᠤᠰᠬᠤᠨ ᠨᠢ ᠦᠨᠳᠤᠷ ᠲᠡᠰ ᠤᠨ ᠲᠠᠷᠢᠶᠠᠯᠠᠩ ᠤᠨ ᠬᠤᠷᠰᠢᠶᠠᠵᠢᠯ ᠢ ᠡᠷᠭᠢᠯᠡᠵᠦ᠂ ᠰᠡᠭᠦᠯᠡᠷ ᠨᠢ ᠱᠧᠨ ᠳ᠋ᠠ ᠹᠧᠨ᠂ ᠰᠢᠩ ᠯᠦᠩ ᠵᠤᠸᠠᠩ᠂ ᠬᠤᠸᠠᠩ ᠠᠨ ᠫᠦ᠋ ᠵᠡᠷᠭᠡ ᠭᠤᠷᠪᠠᠨ ᠬᠠᠮᠢᠶᠠᠷᠤᠯᠳᠠ ᠶᠢᠨ ᠲᠤᠭᠤᠷᠢᠭ ᠬᠤᠪᠢᠶᠠᠪᠠ᠃    1956 ᠤᠨ ᠤ 3 ᠰᠠᠷ᠎ᠠ ᠶᠢᠨ 20᠎ ᠤ ᠡᠳᠤᠷ᠂ ᠡᠤ ᠵᠢᠶᠠ ᠰᠢᠶᠠᠩ ᠪᠠᠶᠢᠭᠤᠯᠤᠭᠳᠠᠵᠦ᠂ ᠬᠠᠷᠠᠴᠢᠨ ᠬᠤᠰᠢᠭᠤᠨ ᠤ ᠯᠸᠤ ᠽᠢ ᠳ᠋ᠢᠶᠠᠨ ᠲᠤᠭᠤᠷᠢᠭ ᠲᠤ ᠬᠠᠷᠢᠶᠠᠯᠠᠭᠤᠯᠪᠠ᠃    1956 ᠤᠨ ᠤ 5 ᠰᠠᠷ᠎ᠠ᠂ ᠮᠤᠬᠤᠷᠭᠤᠤᠯ᠂ ᠱᠧᠨ ᠳ᠋ᠠ ᠹᠧᠨ ᠰᠢᠶᠠᠩ ᠪᠠᠶᠢᠭᠤᠯᠤᠭᠳᠠᠵᠦ᠂ ᠬᠠᠷᠠᠴᠢᠨ ᠬᠤᠰᠢᠭᠤᠨ ᠳᠤ ᠬᠠᠷᠢᠶᠠᠯᠠᠭᠳᠠᠪᠠ᠃    1956 ᠤᠨ ᠤ 7 ᠰᠠᠷ᠎ᠠ᠂ ᠬᠠᠷᠠᠪᠤᠳᠤ ᠰᠢᠶᠠᠩ ᠪᠠᠶᠢᠭᠤᠯᠤᠭᠳᠠᠵᠦ᠂ ᠰᠡᠭᠦᠯ ᠳᠤᠨᠢ ᠰᠠᠨ ᠶᠠᠨ ᠵᠢᠩ ᠲᠤᠭᠤᠷᠢᠭ ᠲᠤ ᠬᠠᠷᠢᠶᠠᠯᠠᠭᠳᠠᠪᠠ᠃ 11 ᠰᠠᠷ᠎ᠠ᠂ ᠵᠢᠶᠠᠨ ᠴᠠᠩ ᠶᠢᠩ ᠪᠠᠯᠭᠠᠰᠤ ᠪᠠᠶᠢᠭᠤᠯᠤᠭᠳᠠᠵᠦ᠂ ᠬᠠᠷᠠᠮᠤᠳᠤ᠂ ᠯᠢᠤ ᠹᠧᠨ ᠳ᠋ᠢ᠂ ᠸᠠᠩ ᠵᠢᠶᠠ ᠳ᠋ᠢᠶᠠᠨ ᠵᠡᠷᠭᠡ ᠭᠤᠷᠪᠠᠨ ᠰᠢᠶᠠᠩ ᠢ ᠬᠠᠷᠢᠶᠠᠯᠠᠭᠤᠯᠪᠠ᠃     1957 ᠤᠨ ᠤ 3 ᠰᠠᠷ᠎ᠠ ᠶᠢᠨ 2᠎ ᠤ ᠡᠳᠤᠷ᠂ ᠶᠢᠰᠤᠳᠤᠭᠡᠷ ᠲᠤᠭᠤᠷᠢᠭ ︵ᠫᠢᠩ ᠵᠤᠸᠠᠩ︶᠎ ᠢ ᠦᠭᠡᠶᠢᠰᠭᠡᠵᠦ᠂ ᠫᠢᠩ ᠵᠤᠸᠠᠩ ᠪᠠᠯᠭᠠᠰᠤ ᠶᠢ ᠪᠠᠶᠢᠭᠤᠯᠵᠦ᠂ ᠭᠦᠩ ᠭᠧ ᠶᠢᠩ ᠽᠢ ᠰᠢᠶ᠋ᠨᠩ ᠢ ᠪᠠᠶᠢᠭᠤᠯᠪᠠ᠃ 4 ᠰᠠᠷ᠎ᠠ ᠳᠤ᠂ ᠰᠢᠶᠤᠤ ᠡᠤ ᠵᠢᠶᠠ ᠦᠨᠳᠤᠰᠤᠳᠡᠨ ᠤ ᠪᠦᠯᠭᠦᠮᠳᠡᠯ ᠤᠨ ᠬᠤᠷᠢᠶ᠎ᠠ ︵ᠬᠤᠳᠤᠩ ᠦᠨᠳᠤᠰᠤᠳᠡᠨ ᠤ ᠤᠯᠠᠨ ᠲᠦᠮᠡᠨ ᠤ ᠦᠪᠡᠷᠳᠡᠭᠡᠨ ᠵᠠᠰᠠᠬᠤ ᠵᠤᠭᠢᠶᠠᠨ ᠪᠠᠶᠢᠭᠤᠯᠤᠯᠳᠠ︶᠎ ᠢ ᠪᠠᠶᠢᠭᠤᠯᠪᠠ᠃ 18᠎ ᠤ ᠡᠳᠤᠷ᠂ ᠪᠠᠭ᠎ᠠ ᠪᠠᠯᠭᠠᠰᠤ ᠶᠢ ᠦᠭᠡᠶᠢᠰᠭᠡᠵᠦ ᠶᠡᠭᠡ ᠪᠠᠯᠭᠠᠰᠤ ᠪᠠᠶᠢᠭᠤᠯᠵᠦ᠂ ᠱᠧᠨ ᠳ᠋ᠠ ᠹᠧᠨ ᠰᠢᠶᠠᠩ ᠢ ᠲᠠᠢ ᠫᠢᠩ ᠳ᠋ᠢ ᠰᠢᠶᠠᠩ ︵ᠫᠢᠩ ᠵᠤᠸᠠᠩ ᠪᠠᠯᠭᠠᠰᠤ ᠶᠢᠨ ᠲᠠᠢ ᠫᠢᠩ ᠳ᠋ᠢ ᠲᠤᠰᠬᠤᠨ︶᠎ ᠲᠠᠢ ᠨᠡᠶᠢᠯᠡᠭᠦᠯᠵᠦ᠂ ᠫᠢᠩ ᠵᠤᠸᠠᠩ᠂ ᠪᠸᠢ ᠴᠢ ᠵᠢᠶᠠ᠂ ᠭᠦᠩ ᠭᠧ ᠶᠢᠩ ᠽᠢ᠂ ᠮᠠ ᠲᠢ ᠶᠢᠩᠽᠢ ᠰᠢᠶᠠᠩ ᠢ ᠨᠡᠶᠢᠯᠡᠭᠦᠯᠵᠦ ᠫᠢᠩ ᠵᠤᠸᠠᠩ ᠪᠠᠯᠭᠠᠰᠤ ᠪᠤᠯᠭᠠᠪᠠ᠃ ᠡᠤ ᠵᠢᠶᠠ ᠰᠢᠶᠠᠩ ᠤᠨ ᠬᠠᠷᠢᠶᠠᠨ ᠳᠤ 11 ᠲᠤᠰᠬᠤᠨ ᠪᠠᠶᠢᠭᠰᠠᠨ ᠠᠴᠠ ᠪᠠᠨ 28 ᠪᠤᠯᠤᠨ ᠨᠡᠮᠡᠭᠳᠡᠪᠡ᠃     1958 ᠤᠨ ᠤ 10 ᠰᠠᠷ᠎ᠠ ᠳᠤ᠂ ᠰᠢᠶᠤᠤ ᠡᠤ ᠵᠢᠶᠠ ᠰᠢᠶᠠᠩ ᠪᠤᠯᠤᠨ ᠮᠤᠬᠤᠷᠭᠤᠤᠯ ᠰᠢᠶᠠᠩ ᠨᠡᠶᠢᠯᠡᠵᠦ᠂ ᠮᠤᠬᠤᠷᠭᠤᠤᠯ ᠭᠦᠩᠱᠧ ᠶᠢ ᠪᠠᠶᠢᠭᠤᠯᠪᠠ᠃ ᠬᠠᠷᠢᠶᠠᠨ ᠳᠤᠨᠢ ᠮᠤᠬᠤᠷᠭᠤᠤᠯ᠂ ᠰᠢᠶᠤᠤ ᠡᠤ ᠵᠢᠶᠠ᠂ ᠳ᠋ᠠ ᠶᠢᠩᠽᠢ ᠵᠡᠷᠭᠡ 3 ᠬᠠᠮᠢᠶᠠᠷᠤᠯᠳᠠ ᠶᠢᠨ ᠲᠤᠭᠤᠷᠢᠭ ᠲᠠᠢ᠃ ᠬᠠᠷᠠᠴᠢᠨ ᠬᠤᠰᠢᠭᠤᠨ ᠤ ᠫᠢᠩ ᠵᠤᠸᠠᠩ ᠪᠠᠯᠭᠠᠰᠤ᠂ ᠮᠤᠬᠤᠷᠭᠤᠤᠯ ᠪᠠᠯᠭᠠᠰᠤ᠂ ᠲᠠᠢ ᠫᠢᠩ ᠳ᠋ᠢ ᠰᠢᠶᠠᠩ ᠪᠤᠯᠤᠨ ᠡᠤ ᠵᠢᠶᠠ ᠰᠢᠶᠠᠩ ᠤᠨ ᠨᠢᠭᠡ ᠪᠦᠯᠦᠭ ᠢ ᠨᠢ ᠤᠯᠠᠭᠠᠨᠬᠠᠳᠠ ᠳᠤ ᠤᠷᠤᠭᠤᠯᠪᠠ᠃ 20᠎ ᠤ ᠡᠳᠤᠷ᠂ ᠤᠯᠠᠭᠠᠨᠬᠠᠳᠠ ᠶᠢᠨ ᠰᠢᠶᠠᠨ ᠤ ᠪᠠᠶᠢᠭᠤᠯᠤᠮᠵᠢ ᠶᠢᠨ ᠲᠦᠷᠢᠮ ᠢ ᠦᠭᠡᠶᠢᠰᠭᠡᠵᠦ᠂ ᠤᠯᠠᠭᠠᠨᠬᠠᠳᠠ ᠬᠤᠳᠠ ᠪᠤᠯᠭᠠᠨ᠂ ᠫᠢᠩ ᠵᠤᠸᠠᠩ ᠢ 4 ᠬᠤᠳᠠ ᠶᠢᠨ ᠬᠠᠷᠢᠶᠠᠨ ᠤ ᠲᠤᠭᠤᠷᠢᠭ ᠤᠨ ᠨᠢᠭᠡ ᠨᠢ ᠪᠤᠯᠭᠠᠪᠠ᠃     1959 ᠤᠨ ᠤ 5 ᠰᠠᠷ᠎ᠠ ᠳᠤ᠂ ᠡᠤ ᠵᠢᠶᠠ ᠰᠢᠶᠠᠩ ᠢ ᠦᠭᠡᠶᠢᠰᠭᠡᠨ᠂ ᠬᠠᠮᠢᠶᠠᠷᠤᠯᠳᠠ ᠶᠢᠨ ᠲᠤᠭᠤᠷᠢᠭ ᠪᠤᠯᠭᠠᠨ ᠦᠭᠡᠷᠡᠴᠢᠯᠴᠵᠦ᠂ ᠫᠢᠩ ᠵᠤᠸᠠᠩ ᠤᠨ ᠠᠷᠠᠳ ᠤᠨ ᠭᠦᠩᠱᠧ ᠳᠤ ᠬᠠᠷᠢᠶᠠᠯᠠᠭᠤᠯᠪᠠ᠃1960 ᠤᠨ ᠳᠤ᠂ ᠵᠢᠶᠠᠨ ᠴᠠᠩ ᠶᠢᠩ ᠭᠦᠩᠱᠧ ᠶᠢᠨ 9 ᠬᠠᠮᠢᠶᠠᠷᠤᠯᠳᠠ ᠶᠢᠨ ᠲᠤᠭᠤᠷᠢᠭ ᠢᠶᠠᠨ ᠢᠤᠢ ᠬᠤᠸᠠᠩ᠂ ᠯᠦᠩ ᠲᠸᠤ ᠱᠠᠨ᠂ ᠵᠢᠶᠠᠨ ᠴᠠᠩ ᠶᠢᠩ 3 ᠬᠠᠮᠢᠶᠠᠷᠤᠯᠳᠠ ᠶᠢᠨ ᠲᠤᠭᠤᠷᠢᠭ ᠪᠤᠯᠭᠠᠨ ᠵᠤᠭᠢᠴᠠᠭᠤᠯᠪᠠ᠃ ᠫᠢᠩ ᠵᠤᠸᠠᠩ ᠲᠤᠭᠤᠷᠢᠭ‌‍ᠤᠨ ᠲᠠᠢ ᠫᠢᠩ ᠳ᠋ᠢ ᠰᠢᠶᠠᠩ ᠢ ᠫᠢᠩ ᠵᠤᠸᠠᠩ ᠭᠦᠩᠱᠧ ᠳᠤ ᠬᠠᠮᠳᠤᠷᠠᠭᠤᠯᠪᠠ᠃     1961 ᠤᠨ᠂ ᠮᠤᠬᠤᠷᠭᠤᠤᠯ ᠭᠦᠩᠱᠧ ᠶᠢ ᠰᠢᠶᠤᠤ ᠡᠤ ᠵᠢᠶᠠ ᠭᠦᠩᠱᠧ᠂ ᠵᠢᠶᠠᠨ ᠴᠠᠩ ᠶᠢᠩ ᠭᠦᠩᠱᠧ ᠪᠤᠯᠭᠠᠨ ᠬᠤᠪᠢᠶᠠᠵᠦ᠂ ᠬᠠᠷᠢᠶᠠᠨ ᠳᠠᠬᠢ 9 ᠬᠠᠮᠢᠶᠠᠷᠤᠯᠳᠠ ᠶᠢᠨ ᠲᠤᠭᠤᠷᠢᠭ ᠢᠶᠠᠨ ᠢᠤᠢ ᠬᠤᠸᠠᠩ᠂ ᠯᠦᠩ ᠲᠸᠤ ᠱᠠᠨ᠂ ᠵᠢᠶᠠᠨ ᠴᠠᠩ ᠶᠢᠩ 3 ᠬᠠᠮᠢᠶᠠᠷᠤᠯᠳᠠ ᠶᠢᠨ ᠲᠤᠭᠤᠷᠢᠭ ᠪᠤᠯᠭᠠᠨ ᠵᠤᠭᠢᠴᠠᠭᠤᠯᠪᠠ᠃ ᠫᠢᠩ ᠵᠤᠸᠠᠩ ᠭᠦᠩᠱᠧ ᠎ ᠶᠢ ᠦᠭᠡᠶᠢᠰᠭᠡᠵᠦ᠂ ᠫᠢᠩ ᠵᠤᠸᠠᠩ ᠲᠤᠭᠤᠷᠢᠭ ᠲᠠᠢ ᠨᠡᠶᠢᠯᠡᠭᠦᠯᠪᠡ᠃ ᠲᠤᠰ ᠵᠢᠯ ᠤᠨ 9 ᠰᠠᠷ᠎ᠠ ᠳᠤ᠂ ᠫᠢᠩ ᠵᠤᠸᠠᠩ ᠲᠤᠭᠤᠷᠢᠭ ᠤᠨ ᠬᠠᠷᠢᠶᠠᠨ ᠳᠠᠬᠢ ᠲᠠᠢ ᠫᠢᠩ ᠳ᠋ᠢ᠂ ᠵᠢᠶᠠᠨ ᠴᠠᠩ ᠶᠢᠩ᠂ ᠮᠤᠬᠤᠷᠭᠤᠤᠯ 3 ᠭᠦᠩᠱᠧ ᠶᠢ ᠤᠯᠠᠭᠠᠨᠬᠠᠳᠠ ᠬᠤᠳᠠ ᠠᠴᠠ ᠰᠢᠭᠤᠳ ᠬᠠᠷᠢᠶᠠᠯᠠᠭᠤᠯᠪᠠ᠃ ᠫᠢᠩ ᠵᠤᠸᠠᠩ ᠭᠦᠩᠱᠧ ᠶᠢ ᠦᠭᠡᠶᠢᠰᠭᠡᠵᠦ᠂ ᠫᠢᠩ ᠵᠤᠸᠠᠩ ᠲᠤᠭᠤᠷᠢᠭ ᠲᠠᠢ ᠨᠡᠶᠢᠯᠡᠭᠦᠯᠪᠡ᠃ 10 ᠰᠠᠷ᠎ᠠ ᠳᠤ᠂ ᠵᠢᠶᠠᠨ ᠴᠠᠩ ᠶᠢᠩ ᠤᠨ ᠠᠷᠠᠳ ᠤᠨ ᠭᠦᠩᠱᠧ ᠶᠢ ᠶᠤᠸᠠᠨ ᠪᠤᠤ ᠱᠠᠨ ᠠᠷᠠᠳ ᠤᠨ ᠭᠦᠩᠱᠧ ᠭᠡᠵᠦ ᠦᠭᠡᠷᠡᠴᠢᠯᠡᠨ᠂ ᠤᠯᠠᠭᠠᠨᠬᠠᠳᠠ ᠬᠤᠳᠠ ᠳᠤ ᠰᠢᠭᠤᠳ ᠬᠠᠷᠢᠶᠠᠯᠠᠭᠤᠯᠪᠠ᠃ ᠰᠠᠭᠤᠭ᠎ᠠ ᠭᠠᠵᠠᠷ ᠢᠶᠠᠨ ᠵᠢᠶᠠᠨ ᠴᠠᠩ ᠶᠢᠩ ᠠᠴᠠ ᠶᠤᠸᠠᠨ ᠪᠤᠤ ᠱᠠᠨ ᠳᠤ ᠰᠢᠯᠵᠢᠭᠦᠯᠪᠡ᠃ ᠬᠠᠷᠢᠶᠠᠨ ᠳᠤᠨᠢ ᠢᠤᠢ ᠬᠤᠸᠠᠩ᠂ ᠸᠠᠩ ᠵᠢᠶᠠ ᠳ᠋ᠢᠶᠠᠨ᠂ ᠪᠠ ᠵᠢᠶᠠ᠂ ᠽᠢ ᠾᠧ᠂ ᠨᠠᠨ ᠮᠢᠶᠤᠤ᠂ ᠨᠠᠨ ᠬᠤᠸᠠᠩ᠂ ᠵᠢᠶᠠᠨ ᠴᠠᠩ ᠶᠢᠩ᠂ ᠰᠢᠩ ᠯᠦᠩ ᠸᠠ᠂ ᠴᠠᠩ ᠱᠧᠩ ᠭᠸᠤ ᠵᠡᠷᠭᠡ 9 ᠲᠤᠰᠬᠤᠨ ᠪᠠ ᠶᠤᠸᠠᠨ ᠪᠤᠤ ᠱᠠᠨ ᠨᠡᠭᠦᠷᠡᠰᠤᠨ ᠠᠭᠤᠷᠬᠠᠢ ᠶᠢᠨ 3 ᠲᠤᠰᠬᠤᠨ ᠪᠠᠭᠳᠠᠨ᠎ᠠ᠃1963 ᠤᠨ ᠤ 1 ᠰᠠᠷ᠎ᠠ᠂ ᠫᠢᠩ ᠵᠤᠸᠠᠩ ᠲᠤᠭᠤᠷᠢᠭ ᠢ ᠫᠢᠩ ᠵᠤᠸᠠᠩ᠂ ᠮᠠ ᠳ᠋ᠢ ᠶᠢᠩᠽᠢ᠂ ᠱᠧᠨ ᠳ᠋ᠠ ᠹᠧᠨ᠂ ᠮᠤᠬᠤᠷᠭᠤᠤᠯ᠂ ᠶᠤᠸᠠᠨ ᠪᠤᠤ ᠱᠠᠨ᠂ ᠡᠤ ᠵᠢᠶᠠ ᠭᠦᠩᠱᠧ ᠪᠤᠯᠭᠠᠨ ᠰᠠᠯᠭᠠᠵᠦ᠂ ᠤᠯᠠᠭᠠᠨᠬᠠᠳᠠ ᠳᠤ ᠰᠢᠭᠤᠳ ᠬᠠᠷᠢᠶᠠᠯᠠᠭᠤᠯᠪᠠ᠃     1964 ᠤᠨ ᠤ 7 ᠰᠠᠷ᠎ᠠ᠂ ᠶᠤᠸᠠᠨ ᠪᠤᠤ ᠱᠠᠨ ᠭᠦᠩᠱᠧ ᠶᠢᠨ ᠵᠢᠶᠠᠨ ᠴᠠᠩ ᠶᠢᠩ᠂ ᠽᠢ ᠾᠧ᠂ ᠨᠠᠨ ᠬᠤᠸᠠᠩ᠂ ᠴᠠᠩ ᠱᠧᠩ ᠭᠸᠤ᠂ ᠨᠠᠨ ᠮᠢᠶᠤᠤ ᠵᠡᠷᠭᠡ 5 ᠶᠡᠭᠡ ᠪᠠᠷᠢᠭᠠᠳᠠ ᠪᠠ ᠰᠢᠩ ᠯᠦᠩ ᠸᠠ ᠶᠡᠭᠡ ᠪᠠᠷᠢᠭᠠᠳᠠ ᠎ ᠶᠢᠨ ᠤᠯᠠᠩᠭᠢ ᠶᠢ ᠨᠢ ᠤᠯᠠᠭᠠᠨᠬᠠᠳᠠ ᠰᠢᠶᠠᠨ ᠳᠤ ᠬᠠᠷᠢᠶᠠᠯᠠᠭᠤᠯᠵᠦ᠂ ᠵᠢᠶᠠᠨ ᠴᠠᠩ ᠶᠢᠩ ᠭᠦᠩᠱᠧ ᠶᠢ ᠰᠡᠷᠭᠦᠭᠡᠪᠡ᠃     1965 ᠤᠨ ᠤ 3 ᠰᠠᠷ᠎ᠠ ᠶᠢᠨ 1᠎ ᠤ ᠡᠳᠤᠷ᠂ ᠰᠢ ᠯᠤ᠋ ᠲᠢᠶᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠪᠠᠶᠢᠭᠤᠯᠤᠭᠳᠠᠵᠦ᠂ 7 ᠰᠠᠭᠤᠭᠠᠯᠢ ᠠᠷᠠᠳ ᠤᠨ ᠵᠦᠪᠯᠡᠯ ᠲᠠᠢ᠃     1966 ᠤᠨ ᠤ 2 ᠰᠠᠷ᠎ᠠ ᠳᠤ᠂ ᠱᠧᠨ ᠳ᠋ᠠ ᠹᠧᠨ ᠠᠷᠠᠳ ᠤᠨ ᠭᠦᠩᠱᠧ ᠶᠢ ᠱᠠᠨ ᠴᠢᠶᠠᠨ ᠠᠷᠠᠳ ᠤᠨ ᠭᠦᠩᠱᠧ ᠭᠡᠵᠦ ᠦᠭᠡᠷᠡᠴᠢᠯᠡᠪᠡ᠃ 5 ᠰᠠᠷ᠎ᠠ ᠶᠢᠨ 12᠎ ᠤ ᠡᠳᠤᠷ᠂ ᠤᠯᠠᠭᠠᠨᠬᠠᠳᠠ ᠰᠢᠶᠠᠨ ᠤ ᠳ᠋ᠠ ᠯᠢᠶᠠᠩ ᠭᠸᠤ ᠮᠧᠨ ᠭᠦᠩᠱᠧ ᠶᠢ ᠬᠠᠷᠠᠪᠤᠳᠤ ᠭᠦᠩᠱᠧ ᠳᠤ ᠬᠠᠷᠢᠶᠠᠯᠠᠭᠤᠯᠵᠦ᠂ ᠰᠠᠭᠤᠭ᠎ᠠ ᠪᠠᠶᠢᠭᠰᠠᠨ ᠭᠠᠵᠠᠷ ᠨᠢ ᠲᠠᠢ ᠫᠢᠩ ᠳ᠋ᠢ ᠲᠤᠰᠬᠤᠨ᠃ ᠬᠠᠷᠢᠶᠠᠨ ᠳᠤᠨᠢ ᠬᠠᠷᠠᠪᠤᠳᠤ᠂ ᠰᠢᠨ ᠳ᠋ᠢ᠂ ᠲᠠᠪᠤᠬᠤᠰᠤ᠂ ᠰᠦᠩ ᠮᠦ᠋ ᠲᠸᠤ ᠭᠸᠤ᠂ ᠽᠢ ᠳ᠋ᠤᠤ ᠵᠢᠩ ᠽᠢ ᠵᠡᠷᠭᠡ 5 ᠶᠡᠭᠡ ᠪᠠᠷᠢᠭᠠᠳᠠ ᠲᠠᠢ᠃ 9 ᠰᠠᠷ᠎ᠠ ᠳᠤ᠂ ᠵᠢᠶᠠᠨ ᠴᠠᠩ ᠶᠢᠩᠽᠢ ᠭᠦᠩᠱᠧ ᠶᠢᠨ ᠨᠡᠷᠡᠶᠢᠳᠤᠯ ᠢ ᠴᠠᠩ ᠾᠦᠩ ᠭᠦᠩᠱᠧ᠂ ᠬᠠᠷᠠᠪᠤᠳᠤ ᠭᠦᠩᠱᠧ ᠶᠢ ᠸᠧᠨ ᠱᠧᠩ ᠭᠦᠩᠱᠧ᠂ ᠶᠤᠸᠠᠨ ᠪᠤᠤ ᠱᠠᠨ ᠭᠦᠩᠱᠧ ᠶᠢ ᠰᠢᠨ ᠱᠠᠨ ᠭᠦᠩᠱᠧ ᠭᠡᠵᠦ ᠦᠭᠡᠷᠡᠴᠢᠯᠡᠪᠡ᠃     1981 ᠤᠨ ᠤ 10 ᠰᠠᠷ᠎ᠠ᠂ ᠫᠢᠩ ᠵᠤᠸᠠᠩ ᠲᠤᠭᠤᠷᠢᠭ ᠤᠨ ᠬᠤᠪᠢᠰᠬᠠᠯᠳᠤ ᠵᠦᠪᠯᠡᠯ ᠢ ᠫᠢᠩ ᠵᠤᠸᠠᠩ ᠲᠤᠭᠤᠷᠢᠭ ᠤᠨ ᠵᠠᠭᠢᠷᠭ᠎ᠠ ᠭᠡᠵᠦ ᠦᠭᠡᠷᠡᠴᠢᠯᠡᠨ᠂ 1983 ᠤᠨ ᠤ 11 ᠰᠠᠷ᠎ᠠ ᠳᠤ ᠦᠭᠡᠶᠢᠰᠭᠡᠪᠡ᠃      1983 ᠤᠨ ᠤ 10 ᠰᠠᠷ᠎ᠠ ᠶᠢᠨ 10᠎ ᠤ ᠡᠳᠤᠷ᠂ ᠤᠯᠠᠭᠠᠨᠬᠠᠳᠠ ᠬᠤᠳᠠ ᠶᠢᠨ ᠫᠢᠩ ᠵᠤᠸᠠᠩ᠂ ᠡᠤ ᠵᠢᠶᠠ᠂ ᠶᠤᠸᠠᠨ ᠪᠤᠤ ᠱᠠᠨ ᠭᠦᠩᠱᠧ ᠪᠤᠯᠤᠨ ᠾᠦᠩ ᠮᠢᠶᠤᠤᠽᠢ ᠭᠦᠩᠱᠧ ᠶᠢᠨ ᠮᠠ ᠵᠢᠶᠠᠽᠢ ᠶᠡᠭᠡ ᠪᠠᠷᠢᠭᠠᠳᠠ᠂ ᠤᠯᠠᠭᠠᠨᠬᠠᠳᠠ ᠰᠢᠶᠠᠨ ᠤ  ᠮᠤᠬᠤᠷᠭᠤᠤᠯ᠂ ᠰᠢᠶᠤᠤ ᠡᠤ ᠵᠢᠶᠠ᠂ ᠬᠠᠷᠠᠪᠤᠳᠤ᠂ ᠵᠢᠶᠠᠨ ᠴᠠᠩ ᠶᠢᠩ ᠭᠦᠩᠱᠧ ᠪᠤᠯᠤᠨ ᠎ ᠲᠠᠢ ᠫᠢᠩ ᠳ᠋ᠢ ᠭᠦᠩᠱᠧ ᠶᠢᠨ ᠰᠢᠩ ᠯᠦᠩ ᠫᠦᠸᠧ᠂ ᠬᠠᠷᠠᠮᠤᠳᠤ᠂ ᠳ᠋ᠠ ᠪᠸᠢ ᠬᠠᠢ᠂ ᠹᠧᠩ ᠱᠦᠢ ᠭᠸᠤ ᠵᠡᠷᠭᠡ 4 ᠶᠡᠭᠡ ᠪᠠᠷᠢᠭᠠᠳᠠ ᠪᠤᠯᠤᠨ ᠤᠯᠠᠭᠠᠨᠬᠠᠳᠠ ᠰᠢᠶᠠᠨ ᠤ  ᠠᠩᠴᠢᠠᠭᠤᠤ ᠭᠦᠩᠱᠧ ᠶᠢᠨ ᠰᠢᠶᠠ ᠺᠠᠨᠽᠢ ᠶᠡᠭᠡ ᠪᠠᠷᠢᠭᠠᠳᠠ᠂ ᠬᠠᠷᠠᠴᠢᠨ ᠬᠤᠰᠢᠭᠤᠨ ᠤ ᠱᠠᠨ ᠴᠢᠶᠠᠨ ᠭᠦᠩᠱᠧ᠂ ᠮᠠ ᠲᠢ ᠶᠢᠩᠽᠢ ᠭᠦᠩᠱᠧ ᠶᠢᠨ ᠭᠦᠩ ᠭᠸᠤ ᠶᠢᠩᠽᠢ᠂ ᠰᠢ ᠯᠢᠤ ᠵᠢᠶᠠ᠂ ᠽᠢ ᠵᠢᠶᠠ᠂ ᠯᠢᠩ ᠱᠠᠩ᠂ ᠯᠠ ᠮᠠ ᠳ᠋ᠢ ᠶᠡᠭᠡ ᠪᠠᠷᠢᠭᠠᠳᠠ ᠪᠤᠯᠤᠨ ᠬᠠᠷᠠᠴᠢᠨ ᠬᠤᠰᠢᠭᠤᠨ ᠤ ᠯᠦᠤᠽᠢ ᠳ᠋ᠢᠶᠠᠨ ᠭᠦᠩᠱᠧ ᠴᠢᠶᠤᠤ ᠵᠢᠶᠠ ᠸᠧ ᠫᠦ᠋ ᠶᠡᠭᠡ ᠪᠠᠷᠢᠭᠠᠳᠠ᠂ ᠳ᠋ᠢᠶᠠᠨᠽᠢ ᠭᠦᠩᠱᠧ ᠸᠠᠩ ᠭᠠᠨ ᡂᠢ ᠶᠡᠭᠡ ᠪᠠᠷᠢᠭᠠᠳᠠ ᠵᠡᠷᠭᠡ ᠶᠢ ᠨᠡᠶᠢᠯᠡᠭᠦᠯᠵᠦ ᠶᠤᠸᠠᠨ ᠪᠤᠤ ᠱᠠᠨ ᠲᠤᠭᠤᠷᠢᠭ ᠢ ᠪᠠᠶᠢᠭᠤᠯᠵᠦ᠂ ᠤᠯᠠᠭᠠᠨᠬᠠᠳᠠ ᠬᠤᠳᠠ ᠳᠤ ᠬᠠᠷᠢᠶᠠᠯᠠᠭᠤᠯᠪᠠ᠃     1984 ᠤᠨ ᠤ 4 ᠰᠠᠷ᠎ᠠ ᠶᠢᠨ 29᠎ ᠤ ᠡᠳᠤᠷ᠂ ᠶᠤᠸᠠᠨ ᠪᠤᠤ ᠱᠠᠨ ᠲᠤᠭᠤᠷᠢᠭ ᠤᠨ ᠬᠠᠷᠢᠶᠠᠨ ᠳᠤ 8 ᠰᠢᠶᠠᠩ 5 ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠲᠠᠢ᠂ ᠬᠠᠷᠠᠪᠤᠳᠤ᠂ ᠰᠢᠶᠤᠤ ᠡᠤ ᠵᠢᠶᠠ᠂ ᠮᠤᠬᠤᠷᠭᠤᠤᠯ᠂ ᠱᠠᠨ ᠴᠢᠶᠠᠨ᠂ ᠡᠤ ᠵᠢᠶᠠ ᠭᠦᠩᠱᠧ ᠶᠢ ᠤᠤᠯ ᠤᠨ ᠵᠠᠰᠠᠭ ᠵᠠᠭᠢᠷᠭᠠᠨ ᠤ ᠲᠤᠭᠤᠷᠢᠭ ᠢᠶᠠᠷ ᠪᠠᠶᠢᠭᠤᠯᠪᠠ︔ ᠬᠠᠷᠠᠴᠢᠨ ᠬᠤᠰᠢᠭᠤᠨ ᠤ ᠯᠦᠤᠽᠢ ᠳ᠋ᠢᠶᠠᠨ ᠭᠦᠩᠱᠧ ᠶᠢᠨ ᠴᠢᠶᠤᠤ ᠵᠢᠶᠠ ᠸᠧ ᠫᠦ᠋ ᠶᠡᠭᠡ ᠪᠠᠷᠢᠭᠠᠳᠠ ᠪᠤᠯᠤᠨ ᠳ᠋ᠢᠶᠠᠨᠽᠢ ᠭᠦᠩᠱᠧ ᠶᠢᠨ ᠸᠠᠩ ᠭᠠᠨ ᡂᠢ ᠶᠡᠭᠡ ᠪᠠᠷᠢᠭᠠᠳᠠ ᠶᠢ ᠡᠤ ᠵᠢᠶᠠ ᠰᠢᠶᠠᠩ ᠲᠠᠢ ᠨᠡᠶᠢᠯᠡᠭᠦᠯᠪᠡ︔ ᠤᠯᠠᠭᠠᠨᠬᠠᠳᠠ ᠬᠤᠳᠠ ᠶᠢᠨ ᠾᠦᠩ ᠮᠢᠶᠤᠤᠽᠢ ᠭᠦᠩᠱᠧ ᠶᠢᠨ ᠮᠠ ᠵᠢᠶᠠᠽᠢ ᠶᠡᠭᠡ ᠪᠠᠷᠢᠭᠠᠳᠠ ᠶᠢ ᠪᠠ ᠵᠢᠶᠠ ᠰᠢᠶᠠᠩ ︵ᠤᠤᠯ ᠨᠡᠷᠡᠶᠢᠳᠤᠯ ᠨᠢ ᠶᠤᠸᠠᠨ ᠪᠤᠤ ᠱᠠᠨ ᠭᠦᠩᠱᠧ︶᠎ ᠲᠠᠢ ᠨᠡᠶᠢᠯᠡᠭᠦᠯᠪᠡ︔ ᠭᠦᠩ ᠭᠧ ᠶᠢᠩᠽᠢ ᠰᠢᠶᠠᠩ ᠢ ᠰᠢᠨ᠎ᠡ ᠪᠠᠷ ᠪᠠᠶᠢᠭᠤᠯᠵᠦ᠂ ᠬᠠᠷᠠᠴᠢᠨ ᠬᠤᠰᠢᠭᠤᠨ ᠤ ᠮᠠ ᠲᠢ ᠶᠢᠩᠽᠢ ᠭᠦᠩᠱᠧ ᠳᠤ ᠬᠠᠷᠢᠶᠠᠯᠠᠭᠤᠯᠤᠭᠰᠠᠨ ᠭᠦᠩ ᠭᠧ ᠶᠢᠩᠽᠢ᠂ ᠽᠢ ᠵᠢᠶᠠ᠂ ᠰᠢ ᠯᠢᠤ ᠵᠢᠶᠠ᠂ ᠯᠠ ᠮᠠ ᠳ᠋ᠢ᠂ ᠯᠢᠩ ᠱᠠᠩ ᠵᠡᠷᠭᠡ 5 ᠶᠡᠭᠡ ᠪᠠᠷᠢᠭᠠᠳᠠ ᠪᠠᠷ ᠪᠦᠷᠢᠯᠳᠤᠪᠡ᠃ ᠰᠢᠶᠠᠩ ᠤᠨ ᠵᠠᠰᠠᠭ ᠤᠨ ᠰᠠᠭᠤᠭ᠎ᠠ ᠭᠠᠵᠠᠷ ᠨᠢ ᠭᠦᠩ ᠭᠧ ᠶᠢᠩᠽᠢ︔ ᠰᠢᠩ ᠯᠦᠩ ᠫᠦᠸᠧ ᠰᠢᠶᠠᠩ ᠢ ᠰᠢᠨ᠎ᠡ ᠪᠠᠷ ᠪᠠᠶᠢᠭᠤᠯᠵᠦ᠂ ᠤᠯᠠᠭᠠᠨᠬᠠᠳᠠ ᠰᠢᠶᠠᠨ ᠤ ᠲᠠᠢ ᠫᠢᠩ ᠳ᠋ᠢ ᠭᠦᠩᠱᠧ ᠶᠢᠨ ᠰᠢᠩ ᠯᠦᠩ ᠫᠦᠸᠧ ᠂ ᠬᠠᠷᠠᠮᠤᠳᠤ᠂ ᠳ᠋ᠠ ᠪᠸᠢ ᠬᠠᠢ᠂ ᠹᠧᠩ ᠱᠦᠢ ᠭᠸᠤ ᠵᠡᠷᠭᠡ 4 ᠶᠡᠭᠡ ᠪᠠᠷᠢᠭᠠᠳᠠ ᠪᠠ ᠠᠩᠴᠢᠠᠭᠤᠤ ᠭᠦᠩᠱᠧ ᠶᠢᠨ ᠰᠢᠶ᠎ᠠ ᠺᠠᠨᠽᠢ ᠶᠡᠭᠡ ᠪᠠᠷᠢᠭᠠᠳᠠ ᠪᠠᠷ ᠪᠦᠷᠢᠯᠳᠤᠪᠡ᠃ ᠰᠢᠶᠠᠩ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠨᠢ ᠰᠢᠩ ᠯᠦᠩ ᠫᠦᠸᠧ︔ ᠫᠢᠩᠵᠤᠸᠠᠩ ᠭᠦᠩᠱᠧ ᠶᠢ ᠫᠢᠩᠵᠤᠸᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠭᠡᠵᠦ ᠦᠭᠡᠷᠡᠴᠢᠯᠡᠨ ᠪᠠᠶᠢᠭᠤᠯᠪᠠ︔ ᠵᠢᠶᠠᠨ ᠴᠠᠩ ᠶᠢᠩ ᠭᠦᠩᠱᠧ ᠶᠢ ᠵᠢᠶᠠᠨ ᠴᠠᠩ ᠶᠢᠩ ᠪᠠᠯᠭᠠᠰᠤ ᠶᠢᠨ ᠠᠷᠠᠳ ᠎ ᠤᠨ ᠵᠠᠰᠠᠭ ᠤᠨ ᠤᠷᠳᠤᠨ ᠭᠡᠵᠦ ᠦᠭᠡᠴᠢᠯᠡᠨ ᠪᠠᠶᠢᠭᠤᠯᠵᠦ᠂ ᠵᠠᠰᠠᠭ ᠵᠠᠭᠢᠷᠭᠠᠨ ᠤ ᠬᠤᠪᠢᠶᠠᠷᠢ ᠬᠤᠪᠢᠷᠠᠬᠤ ᠦᠭᠡᠢ᠃ ᠶᠤᠸᠠᠨ ᠪᠤᠤ ᠱᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ ᠬᠠᠷᠢᠶᠠᠨ ᠳᠤ 4 ᠰᠠᠭᠤᠭᠠᠯᠢ ᠠᠷᠠᠳ ᠤᠨ ᠵᠦᠪᠯᠡᠯ︔ ᠵᠡᠭᠦᠨ ᠬᠤᠶᠢᠳᠤ ᠶᠢᠨ ᠴᠠᠭᠢᠯᠭᠠᠨ ᠭᠦᠴᠤᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ ᠬᠠᠷᠢᠶᠠᠨ ᠳᠤ 2 ᠰᠠᠭᠤᠭᠠᠯᠢ ᠠᠷᠠᠳ ᠤᠨ ᠵᠦᠪᠯᠡᠯ︔ ᠰᠢ ᠯᠤ᠋ ᠲᠢᠶᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ ᠬᠠᠷᠢᠶᠠᠨ ᠳᠤ 5 ᠰᠠᠭᠤᠭᠠᠯᠢ ᠠᠷᠠᠳ ᠤᠨ ᠵᠦᠪᠯᠡᠯ︔  ᠮᠠ ᠯᠢᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ ᠬᠠᠷᠢᠶᠠᠨ ᠳᠤ 1 ᠰᠠᠭᠤᠭᠠᠯᠢ ᠠᠷᠠᠳ ᠤᠨ ᠵᠦᠪᠯᠡᠯ︔ ᠹᠧᠩ ᠱᠦᠢ ᠭᠸᠤ ᠵᠡᠭᠡᠯᠢ ᠭᠤᠳᠤᠮᠵᠢ ᠎ ᠶᠢᠨ ᠭᠡᠷᠡᠭ ᠡᠷᠭᠢᠯᠡᠭᠦ ᠭᠠᠵᠠᠷ ᠤᠨ ᠬᠠᠷᠢᠶᠠᠨ ᠳᠤ 1 ᠰᠠᠭᠤᠭᠠᠯᠢ ᠠᠷᠠᠳ ᠤᠨ ᠵᠦᠪᠯᠡᠯ ᠲᠠᠢ︔ 11 ᠰᠠᠷ᠎ᠠ ᠳᠤ᠂ ᠡᠤ ᠵᠢᠶᠠ ᠰᠢᠶᠠᠩ ᠠᠷᠠᠳ ᠤᠨ ᠵᠠᠰᠠᠭ ᠤᠨ ᠤᠷᠳᠤᠨ ᠢ ᠡᠤ ᠵᠢᠶᠠ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠭᠡᠵᠦ ᠦᠭᠡᠷᠡᠯᠡᠵᠦ᠂ ᠵᠠᠰᠠᠭ ᠵᠠᠭᠢᠷᠭᠠᠨ ᠤ ᠬᠤᠪᠢᠶᠠᠷᠢ ᠬᠤᠪᠢᠷᠠᠬᠤ ᠦᠭᠡᠢ᠃ 12 ᠰᠠᠷ᠎ᠠ ᠶᠢᠨ 11᠎ ᠤ ᠡᠳᠤᠷ᠂ ᠫᠢᠩᠵᠤᠸᠠᠩ ᠪᠠᠯᠭᠠᠰᠤ ᠶᠢᠨ 5ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠢ 10 ᠪᠤᠯᠭᠠᠨ ᠵᠤᠭᠢᠴᠠᠭᠤᠯᠪᠠ᠃ ᠲᠠᠷᠤᠢ ᠱᠠᠨ ᠴᠢᠶᠠᠨ ᠰᠠᠭᠤᠭᠠᠯᠢ ᠠᠷᠠᠳ ᠤᠨ ᠵᠦᠪᠯᠡᠯ᠂ ᠭᠦ᠋ ᠱᠠᠨ ᠨᠢᠭᠡᠳᠤᠭᠡᠷ᠂ ᠬᠤᠶᠠᠳᠤᠭᠠᠷ ᠰᠠᠭᠤᠭᠠᠯᠢ ᠠᠷᠠᠳ ᠤᠨ ᠵᠦᠪᠯᠡᠯ᠂ ᠹᠧᠩ ᠾᠢ ᠵᠠᠮ ᠨᠢᠭᠡᠳᠤᠭᠡᠷ᠂ ᠬᠤᠶᠠᠳᠤᠭᠠᠷ ᠰᠠᠭᠤᠭᠠᠯᠢ ᠠᠷᠠᠳ ᠤᠨ ᠵᠦᠪᠯᠡᠯ᠂ ᠵᠢᠶᠧ ᠹᠧᠩ ᠵᠠᠮ ᠨᠢᠭᠡᠳᠤᠭᠡᠷ ᠬᠤᠶᠠᠳᠤᠭᠠᠷ ᠰᠠᠭᠤᠭᠠᠯᠢ ᠠᠷᠠᠳ ᠤᠨ ᠵᠦᠪᠯᠡᠯ᠂ ᠶᠤᠸᠠᠨ ᠯᠢᠨ ᠵᠡᠭᠡᠯᠢ ᠰᠠᠭᠤᠭᠠᠯᠢ ᠠᠷᠠᠳ ᠤᠨ ᠵᠦᠪᠯᠡᠯ᠂ ᠴᠢᠶᠠᠨ ᠶᠢᠨ ᠨᠢᠭᠡᠳᠤᠭᠡᠷ᠂ ᠬᠤᠶᠠᠳᠤᠭᠠᠷ᠂ ᠭᠤᠷᠪᠠᠳᠤᠭᠠᠷ᠂ ᠲᠦᠷᠪᠡᠳᠤᠭᠡᠷ᠂ ᠲᠠᠪᠤᠳᠤᠭᠠᠷ᠂ ᠵᠢᠷᠭᠤᠳᠤᠭᠠᠷ ᠰᠠᠭᠤᠭᠠᠯᠢ ᠠᠷᠠᠳ ᠤᠨ ᠵᠦᠪᠯᠡᠯ᠂ ᠸᠧ ᠹᠧ ᠽᠢ ᠭᠡᠶᠢᠳ ᠤᠨ ᠨᠢᠭᠡᠳᠤᠭᠡᠷ᠂ ᠬᠤᠶᠠᠳᠤᠭᠠᠷ ᠰᠠᠭᠤᠭᠠᠯᠢ ᠠᠷᠠᠳ ᠤᠨ ᠵᠦᠪᠯᠡᠯ᠂ ᠴᠢ ᠵᠢᠶᠠ ᠰᠠᠭᠤᠭᠠᠯᠢ ᠠᠷᠠᠳ ᠤᠨ ᠵᠦᠪᠯᠡᠯ ᠵᠡᠷᠭᠡ ᠪᠤᠢ᠃ ᠶᠤᠸᠠᠨ ᠪᠤᠤ ᠱᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ 4 ᠰᠠᠭᠤᠭᠠᠯᠢ ᠠᠷᠠᠳ ᠤᠨ ᠵᠦᠪᠯᠡᠯ ᠢ 10 ᠪᠤᠯᠭᠠᠨ ᠲᠤᠭᠢᠷᠠᠭᠤᠯᠪᠠ᠃ ︵ᠰᠢᠨ᠎ᠡ ᠪᠠᠷ ᠪᠠᠶᠢᠭᠤᠯᠤᠭᠰᠠᠨ 1 ᠪᠠᠭᠳᠠᠨ᠎ᠠ︶ ᠲᠠᠷᠤᠢ ᠨᠢᠭᠡᠳᠤᠭᠡᠷ᠂ ᠬᠤᠶᠠᠳᠤᠭᠠᠷ᠂ ᠭᠤᠷᠪᠠᠳᠤᠭᠠᠷ᠂ ᠲᠦᠷᠪᠡᠳᠤᠭᠡᠷ᠂ ᠲᠠᠪᠤᠳᠤᠭᠠᠷ᠂ ᠵᠢᠷᠭᠤᠳᠤᠭᠠᠷ᠂ ᠲᠤᠯᠤᠳᠤᠭᠠᠷ᠂ ᠨᠠᠢᠮᠠᠳᠤᠭᠠᠷ᠂ ᠶᠢᠰᠤᠳᠤᠭᠡᠷ ᠰᠠᠭᠤᠭᠠᠯᠢ ᠠᠷᠠᠳ ᠎ ᠤᠨ ᠵᠦᠪᠯᠡᠯ᠂ ᠱᠤᠶᠢᠨᠢ ᠶᠢᠨ ᠦᠢᠯᠡᠳᠪᠤᠷᠢ ᠶᠢᠨ ᠰᠠᠭᠤᠭᠠᠯᠢ ᠠᠷᠠᠳ ᠤᠨ ᠵᠦᠪᠯᠡᠯ ᠵᠡᠷᠭᠡ ᠪᠤᠢ᠃ ᠵᠡᠭᠦᠨ ᠬᠤᠶᠢᠳᠤ ᠎ ᠶᠢᠨ ᠴᠠᠭᠢᠯᠭᠠᠨ ᠭᠦᠴᠤᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ 2 ᠰᠠᠭᠤᠭᠠᠯᠢ ᠠᠷᠠᠳ ᠤᠨ ᠵᠦᠪᠯᠡᠯ ᠎ ᠢ 4 ᠪᠤᠯᠭᠠᠨ ᠲᠤᠭᠢᠷᠠᠭᠤᠯᠪᠠ᠃ ︵ᠰᠢᠨ᠎ᠡ ᠪᠠᠷ ᠪᠠᠶᠢᠭᠤᠯᠤᠭᠰᠠᠨ 1 ᠪᠠᠭᠳᠠᠨ᠎ᠠ︶ ᠲᠠᠷᠤᠢ ᠳ᠋ᠦᠩ ᠳ᠋ᠢᠶᠠᠨ ᠺᠤᠮᠫᠠᠨᠢ ᠎ ᠶᠢᠨ ᠨᠢᠭᠡᠳᠤᠭᠡᠷ᠂ ᠬᠤᠶᠠᠳᠤᠭᠠᠷ ᠰᠠᠭᠤᠭᠠᠯᠢ ᠠᠷᠠᠳ ᠤᠨ ᠵᠦᠪᠯᠡᠯ᠂ ᠴᠠᠭᠢᠯᠭᠠᠨ ᠦᠢᠯᠡᠳᠪᠤᠷᠢ ᠶᠢᠨ ᠰᠠᠭᠤᠭᠠᠯᠢ ᠠᠷᠠᠳ ᠤᠨ ᠵᠦᠪᠯᠡᠯ᠂ ᠶᠤᠸᠠᠨ ᠪᠤᠤ ᠱᠠᠨ ᠵᠠᠳᠠᠭᠠᠢ ᠠᠭᠤᠷᠬᠠᠢ ᠶᠢᠨ ᠰᠠᠭᠤᠭᠠᠯᠢ ᠠᠷᠠᠳ ᠤᠨ ᠵᠦᠪᠯᠡᠯ ᠵᠡᠷᠭᠡ ᠪᠤᠢ᠃ ᠮᠠ ᠯᠢᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠲᠤ ᠨᠢᠭᠡᠳᠤᠭᠡᠷ᠂ ᠬᠤᠶᠠᠳᠤᠭᠠᠷ ᠵᠡᠷᠭᠡ 2 ᠰᠠᠭᠤᠭᠠᠯᠢ ᠠᠷᠠᠳ ᠤᠨ ᠵᠦᠪᠯᠡᠯ ᠢ ᠰᠢᠨ᠎ᠡ ᠪᠠᠷ ᠪᠠᠶᠢᠭᠤᠯᠪᠠ︔ ᠹᠧᠩ ᠱᠦᠢ ᠭᠸᠤ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠲᠤ 1 ᠰᠠᠭᠤᠭᠠᠯᠢ ᠠᠷᠠᠳ ᠤᠨ ᠵᠦᠪᠯᠡᠯ ᠢ ᠰᠢᠨ᠎ᠡ ᠪᠠᠷ ᠪᠠᠶᠢᠭᠤᠯᠪᠠ᠃ ᠰᠠᠭᠤᠭᠠᠯᠢ ᠠᠷᠠᠳ ᠤᠨ ᠵᠦᠪᠯᠡᠯ ᠎ ᠨᠢ ᠰᠠᠭᠤᠷᠢᠰᠢᠵᠦ ᠪᠠᠶᠢᠭ᠎ᠠ ᠪᠠᠯᠭᠠᠰᠤ᠂ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠲᠤ ᠬᠠᠷᠢᠶᠠᠯᠠᠭᠳᠠᠨ᠎ᠠ᠃ ᠵᠡᠭᠡᠯᠢ ᠭᠤᠳᠤᠮᠵᠢ ᠪᠠᠷ ᠭᠤᠤᠯ ᠪᠤᠯᠭᠠᠵᠦ᠂ ᠤᠷᠤᠨ ᠤ ᠠᠵᠦ ᠠᠬᠤᠢ ᠠᠴᠠ ᠬᠠᠮᠳᠤ ᠳᠠᠭᠠᠨ ᠬᠠᠮᠢᠶᠠᠷᠤᠨ᠎ᠠ᠃    1986 ᠤᠨ ᠤ 1 ᠰᠠᠷ᠎ᠠ ᠶᠢᠨ 29᠎ ᠤ ᠡᠳᠤᠷ᠂ ᠰᠢᠩ ᠯᠦᠩ ᠫᠦᠸᠧ ᠰᠢᠶᠠᠩ ᠤᠨ ᠰᠢᠩ ᠯᠦᠩ ᠫᠦᠸᠧ᠂ ᠹᠧᠩ ᠱᠦᠢ ᠭᠸᠤ 2 ᠲᠤᠰᠬᠤᠨ ᠢ ᠰᠢᠩ ᠯᠦᠩ ᠫᠦᠸᠧ᠂ ᠵᠤᠸᠠᠩ ᠲᠸᠤ ᠶᠢᠩᠽᠢ᠂ ᠵᠠᠨ ᠵᠢᠶᠠ ᠸᠧ ᠫᠦ᠋᠂ ᠹᠧᠩ ᠱᠦᠢ ᠭᠸᠤ ᠵᠡᠷᠭᠡ 4 ᠲᠤᠰᠬᠤᠨ ᠪᠤᠯᠭᠠᠨ ᠬᠤᠪᠢᠶᠠᠪᠠ᠃    1987 ᠤᠨ ᠤ 6 ᠰᠠᠷ᠎ᠠ ᠳᠤ᠂ ᠪᠠ ᠵᠢᠶᠠ ᠰᠢᠶᠠᠩ ᠤᠨ ᠠᠷᠠᠳ ᠤᠨ ᠵᠠᠰᠠᠭ ᠤᠨ ᠤᠷᠳᠤᠨ ᠪᠤᠯᠤᠨ ᠶᠤᠸᠠᠨ ᠪᠤᠤ ᠱᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠢ ᠨᠡᠶᠢᠯᠡᠭᠦᠯᠵᠦ᠂ ᠶᠤᠸᠠᠨ ᠪᠤᠤ ᠱᠠᠨ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠭᠡᠵᠦ ᠦᠭᠡᠷᠡᠴᠢᠯᠡᠨ ᠪᠠᠶᠢᠭᠤᠯᠵᠦ᠂ ᠪᠠ ᠵᠢᠶᠠ ᠰᠢᠶᠠᠩ ᠭᠢᠭᠡᠳ ᠶᠤᠸᠠᠨ ᠪᠤᠤ ᠱᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ ᠵᠠᠰᠠᠭ ᠵᠠᠭᠢᠷᠭᠠᠨ ᠤ ᠲᠤᠭᠤᠷᠢᠭ ᠢ ᠶᠤᠸᠠᠨ ᠪᠤᠤ ᠱᠠᠨ ᠪᠠᠯᠭᠠᠰᠤ ᠶᠢᠨ ᠵᠠᠰᠠᠭ ᠵᠠᠭᠢᠷᠭᠠᠨ ᠤ ᠲᠤᠭᠤᠷᠢᠭ ᠪᠤᠯᠭᠠᠨ᠂ ᠪᠠᠯᠭᠠᠰᠤ ᠶᠢᠨ ᠵᠠᠰᠠᠭ ᠤᠨ ᠤᠷᠳᠤᠨ ᠢᠶᠠᠨ ᠪᠠ ᠵᠢᠶᠠ ᠰᠢᠶᠠᠩ ᠤᠨ ᠠᠷᠠᠳ ᠤᠨ ᠵᠠᠰᠠᠭ ᠤᠨ ᠤᠷᠳᠤᠨ ᠤ ᠤᠤᠯ ᠤᠷᠤᠨ ᠳᠤ ᠪᠠᠶᠢᠭᠤᠯᠪᠠ︔ ᠰᠢᠩ ᠯᠦᠩ ᠫᠦᠸᠧ ᠰᠢᠶᠠᠩ ᠠᠷᠠᠳ ᠤᠨ ᠵᠠᠰᠠᠭ ᠤᠨ ᠤᠷᠳᠤᠨ ᠪᠤᠯᠤᠨ ᠹᠧᠩ ᠱᠦᠢ ᠭᠸᠤ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠢ ᠨᠡᠶᠢᠯᠡᠭᠦᠯᠵᠦ᠂ ᠹᠧᠩ ᠱᠦᠢ ᠭᠸᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠭᠡᠵᠦ ᠦᠭᠡᠷᠡᠴᠢᠯᠡᠨ ᠂ ᠰᠢᠩ ᠯᠦᠩ ᠫᠦᠸᠧ ᠰᠢᠶᠠᠩ ᠤᠨ ᠠᠷᠠᠳ ᠤᠨ ᠵᠠᠰᠠᠭ ᠤᠷᠳᠤᠨ ᠪᠤᠯᠤᠨ ᠹᠧᠩ ᠱᠦᠢ ᠭᠸᠤ ᠵᠡᠭᠡᠯᠢ ᠭᠤᠳᠤᠮᠵᠢ ᠎ ᠶᠢᠨ ᠭᠡᠷᠡᠭ ᠡᠷᠭᠢᠯᠡᠭᠦ ᠭᠠᠵᠠᠷ ᠤᠨ ᠵᠠᠰᠠᠭ ᠵᠠᠭᠢᠷᠭ᠎ᠠ ᠶᠢᠨ ᠬᠤᠪᠢᠶᠠᠷᠢ ᠪᠠᠷ ᠹᠧᠩ ᠱᠦᠢ ᠭᠸᠤ ᠠᠷᠠᠳ ᠤᠨ ᠵᠠᠰᠠᠭ ᠤᠨ ᠤᠷᠳᠤᠨ ᠤ ᠵᠠᠰᠠᠭ ᠵᠠᠭᠢᠷᠭᠠᠨ ᠤ ᠬᠤᠪᠢᠶᠠᠷᠢ ᠪᠠᠨ ᠪᠤᠯᠭᠠᠪᠠ᠃ ᠪᠠᠯᠭᠠᠰᠤ ᠶᠢᠨ ᠵᠠᠰᠠᠭ ᠤᠨ ᠤᠷᠳᠤᠨ ᠢᠶᠠᠨ ᠹᠧᠩ ᠱᠦᠢ ᠭᠸᠤ ᠳᠤ ᠪᠠᠶᠢᠭᠤᠯᠪᠠ᠃ 7 ᠰᠠᠷ᠎ᠠ ᠳᠤ᠂ ᠶᠤᠸᠠᠨ ᠪᠤᠤ ᠱᠠᠨ ᠲᠤᠭᠤᠷᠢᠭ ᠤᠨ ᠰᠢᠶᠤᠤ ᠡᠤ ᠵᠢᠶᠠ ᠰᠢᠶᠠᠩ ᠠᠷᠠᠳ ᠤᠨ ᠵᠠᠰᠠᠭ ᠤᠨ ᠤᠷᠳᠤᠨ ᠢ ᠦᠭᠡᠶᠢᠰᠭᠡᠵᠦ᠂ ᠰᠢᠶᠤᠤ ᠡᠤ ᠵᠢᠶᠠ ᠶᠢᠨ ᠬᠤᠳᠤᠩ ᠦᠨᠳᠤᠰᠤᠳᠡᠨ ᠤ ᠰᠢᠶᠠᠩ ᠎ ᠤᠨ ᠠᠷᠠᠳ ᠤᠨ ᠵᠠᠰᠠᠭ ᠤᠨ ᠤᠷᠳᠤᠨ ᠢ ᠰᠡᠷᠭᠦᠭᠡᠨ᠂ ᠰᠢᠶᠤᠤ ᠡᠤ ᠵᠢᠶᠠ ᠰᠢᠶᠠᠩ ᠤᠨ ᠠᠷᠠᠳ ᠤᠨ ᠵᠠᠰᠠᠭ ᠤᠨ ᠤᠷᠳᠤᠨ ᠤ ᠵᠠᠰᠠᠭ ᠵᠠᠭᠢᠷᠭᠠᠨ ᠤ ᠬᠤᠪᠢᠶᠠᠷᠢ ᠪᠠᠷ ᠰᠢᠶᠤᠤ ᠡᠤ ᠵᠢᠶᠠ ᠶᠢᠨ ᠬᠤᠳᠤᠩ ᠦᠨᠳᠤᠰᠤᠳᠡᠨ ᠤ ᠰᠢᠶᠠᠩ ᠎ ᠤᠨ ᠠᠷᠠᠳ ᠤᠨ ᠵᠠᠰᠠᠭ ᠤᠨ ᠤᠷᠳᠤᠨ ᠤ ᠵᠠᠰᠠᠭ ᠵᠠᠭᠢᠷᠭᠠᠨ ᠤ ᠬᠤᠪᠢᠶᠠᠷᠢ ᠪᠤᠯᠭᠠᠪᠠ᠃ ᠰᠢᠶᠠᠩ ᠤᠨ ᠠᠷᠠᠳ ᠤᠨ ᠵᠠᠰᠠᠭ ᠤᠨ ᠤᠷᠳᠤᠨ ᠢᠶᠠᠨ ᠰᠢᠶᠤᠤ ᠡᠤ ᠵᠢᠶᠠ ᠲᠤᠰᠬᠤᠨ ᠳᠤ ᠪᠠᠶᠢᠭᠤᠯᠪᠠ᠃     1988 ᠤᠨ ᠤ 7 ᠰᠠᠷ᠎ᠠ᠂ ᠮᠤᠬᠤᠷᠭᠤᠤᠯ ᠰᠢᠶᠠᠩ ᠤᠨ ᠠᠷᠠᠳ ᠤᠨ ᠵᠠᠰᠠᠭ ᠤᠨ ᠤᠷᠳᠤᠨ ᠢ ᠮᠤᠬᠤᠷᠭᠤᠤᠯ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠭᠡᠵᠦ ᠦᠭᠡᠷᠡᠴᠢᠯᠡᠨ᠂ ᠵᠠᠰᠠᠭ ᠵᠠᠭᠢᠷᠭᠠᠨ ᠤ ᠬᠤᠪᠢᠶᠠᠷᠢ ᠨᠢ ᠬᠤᠪᠢᠷᠠᠭᠰᠠᠨ ᠦᠭᠡᠢ᠃ ᠪᠠᠯᠭᠠᠰᠤ ᠶᠢᠨ ᠠᠷᠠᠳ ᠤᠨ ᠤᠷᠳᠤᠨ ᠢᠶᠠᠨ ᠬᠤᠶᠢᠳᠤ ᠮᠤᠬᠤᠷᠭᠤᠤᠯ ᠲᠤᠰᠬᠤᠨ ᠳᠤ ᠪᠠᠶᠢᠭᠤᠯᠪᠠ᠃     1991 ᠤᠨ ᠤ 11 ᠰᠠᠷ᠎ᠠ ᠶᠢᠨ 28᠎ ᠤ ᠡᠳᠤᠷ᠂ 12 ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ᠃ ᠰᠢ ᠯᠤ᠋ ᠲᠢᠶᠠᠨ ᠭᠡᠷᠡᠭ ᠡᠷᠭᠢᠯᠡᠭᠦ ᠭᠠᠵᠠᠷ ᠲᠤ ᠠᠷᠪᠠᠳᠤᠭᠠᠷ᠂ ᠠᠷᠪᠠᠨ ᠨᠢᠭᠡᠳᠤᠭᠡᠷ ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ︔ ᠫᠢᠩ ᠵᠤᠸᠠᠩ ᠪᠠᠯᠭᠠᠰᠤ ᠳᠤ ᠨᠡᠭᠡᠮᠡᠯ ᠤᠨ ᠭᠤᠷᠪᠠᠳᠤᠭᠠᠷ᠂ ᠲᠦᠷᠪᠡᠳᠤᠭᠡᠷ᠂ ᠲᠠᠪᠤᠳᠤᠭᠠᠷ ᠰᠠᠭᠤᠭᠠᠯᠢ ᠠᠷᠠᠳ ᠤᠨ ᠵᠦᠪᠯᠡᠯ᠂ ᠭᠦ᠋ ᠱᠠᠨ ᠭᠤᠷᠪᠠᠳᠤᠭᠠᠷ ᠰᠠᠭᠤᠭᠠᠯᠢ ᠠᠷᠠᠳ ᠤᠨ ᠵᠦᠪᠯᠡᠯ᠂ ᠴᠢᠶᠠᠨ ᠶᠢᠨ ᠭᠤᠷᠪᠠᠳᠤᠭᠠᠷ ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ︔ ᠡᠤ ᠵᠢᠶᠠ ᠪᠠᠯᠭᠠᠰᠤ ᠳᠤ ᠭᠤᠷᠪᠠᠳᠤᠭᠠᠷ᠂ ᠲᠦᠷᠪᠡᠳᠤᠭᠡᠷ ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ︔ ᠮᠠ ᠯᠢᠨ ᠭᠡᠷᠡᠭ ᠡᠷᠭᠢᠯᠡᠭᠦ ᠭᠠᠵᠠᠷ ᠲᠤ ᠭᠤᠷᠪᠠᠳᠤᠭᠠᠷ ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ︔ ᠶᠤᠸᠠᠨ ᠪᠤᠤ ᠱᠠᠨ ᠪᠠᠯᠭᠠᠰᠤ ᠳᠤ ᠽᠠᠢ ᠶᠤᠸᠠᠨᠽᠢ᠂ ᠸᠠᠭᠠᠷ ᠤᠨ ᠦᠢᠯᠡᠳᠪᠤᠷᠢ ᠶᠢᠨ ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ︔     1992 ᠤᠨ ᠤ 5 ᠰᠠᠷ᠎ᠠ ᠶᠢᠨ 19᠎ ᠤ ᠡᠳᠤᠷ᠂ ᠵᠢᠶᠠᠨ ᠴᠠᠩ ᠶᠢᠩ ᠪᠠᠯᠭᠠᠰᠤ ᠳᠤ ᠨᠢᠭᠡᠳᠤᠭᠡᠷ ᠰᠠᠭᠤᠭᠠᠯᠢ ᠠᠷᠠᠳ ᠤᠨ ᠵᠦᠪᠯᠡᠯ᠂ ᠵᠢᠶᠠᠨ ᠴᠠᠩ ᠶᠢᠩ ᠵᠢᠢ ᠵᠢᠶᠠᠨ ᠺᠤᠮᠫᠠᠨᠢ ᠶᠢᠨ ᠭᠡᠷ ᠪᠦᠯᠢ ᠶᠢᠨ ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ᠃     1994 ᠤᠨ ᠤ 8 ᠰᠠᠷ᠎ᠠ ᠶᠢᠨ 25᠎ ᠤ ᠡᠳᠤᠷ᠂ ᠱᠠᠨ ᠴᠢᠶᠠᠨ ᠰᠢᠶᠠᠩ ᠤᠨ ᠠᠷᠠᠳ ᠤᠨ ᠵᠠᠰᠠᠭ ᠤᠨ ᠤᠷᠳᠤᠨ ᠢ ᠱᠠᠨ ᠴᠢᠶᠠᠨ ᠪᠠᠯᠭᠠᠰᠤ ᠶᠢᠨ ᠠᠷᠠᠳ ᠤᠨ ᠵᠰᠠᠭ ᠤᠨ ᠤᠷᠳᠤᠨ ᠭᠡᠵᠦ ᠦᠭᠡᠷᠡᠴᠢᠯᠡᠨ ᠪᠠᠶᠢᠭᠤᠯᠵᠦ᠂ ᠭᠦᠩ ᠭᠧ ᠶᠢᠩᠽᠢ ᠰᠢᠶᠠᠩ ᠤᠨ ᠠᠷᠠᠳ ᠤᠨ ᠵᠠᠰᠠᠭ ᠤᠨ ᠤᠷᠳᠤᠨ ᠢ ᠭᠦ᠋ ᠱᠠᠨ ᠪᠠᠯᠭᠠᠰᠤ ᠶᠢᠨ ᠠᠷᠠᠳ ᠤᠨ ᠵᠠᠰᠠᠭ ᠎ ᠤᠨ ᠤᠷᠳᠤᠨ ᠭᠡᠵᠦ ᠦᠭᠡᠷᠡᠴᠢᠯᠡᠨ ᠪᠠᠶᠢᠭᠤᠯᠪᠠ᠃    1995 ᠤᠨ ᠤ 8 ᠰᠠᠷ᠎ᠠ᠂ ᠮᠠ ᠯᠢᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠪᠤᠯᠤᠨ ᠬᠠᠷᠠᠪᠤᠳᠤ ᠰᠢᠶᠠᠩ ᠬᠠᠮᠳᠤᠷᠠᠨ ᠠᠵᠢᠯᠯᠠᠪᠠ᠃    1996 ᠤᠨ ᠤ 6 ᠰᠠᠷ᠎ᠠ᠂ ᠭᠦ᠋ ᠱᠠᠨ ᠲᠦᠷᠪᠡᠳᠤᠭᠡᠷ ᠰᠠᠭᠤᠭᠠᠯᠢ ᠠᠷᠠᠳ ᠤᠨ ᠵᠦᠪᠯᠡᠯ ᠪᠠᠶᠢᠭᠤᠯᠤᠭᠳᠠᠪᠠ᠃     1997 ᠤᠨ ᠤ 10 ᠰᠠᠷ᠎ᠠ ᠶᠢᠨ 1᠎ ᠤ ᠡᠳᠤᠷ᠂ ᠯᠢᠤ ᠵᠢᠶᠠ ᠠᠭᠤᠷᠬᠠᠢ ᠶᠢᠨ ᠰᠠᠭᠤᠭᠠᠯᠢ ᠠᠷᠠᠳ ᠤᠨ ᠵᠦᠪᠯᠡᠯ ᠪᠠᠶᠢᠭᠤᠯᠤᠭᠳᠠᠪᠠ᠃     1998 ᠤᠨ ᠤ 8 ᠰᠠᠷ᠎ᠠ ᠶᠢᠨ 24᠎ ᠤ ᠡᠳᠤᠷ᠂ ᠹᠧᠩ ᠱᠦᠢ ᠭᠸᠤ ᠪᠠᠯᠭᠠᠰᠤ ᠨᠢ ᠭᠤᠷᠪᠠᠳᠤᠭᠠᠷ ᠰᠠᠭᠤᠭᠠᠯᠢ ᠠᠷᠠᠳ ᠤᠨ ᠵᠦᠪᠯᠡᠯ ᠢ ᠨᠡᠮᠡᠨ ᠪᠠᠶᠢᠭᠤᠯᠪᠠ᠃ 12 ᠰᠠᠷ᠎ᠠ ᠳᠤ᠂ ᠰᠢᠨᠬᠤᠸᠠ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠲᠤᠭᠤᠷᠢᠭ ᠤᠨ ᠵᠦᠪᠯᠡᠯ ᠪᠠᠶᠢᠭᠤᠯᠤᠭᠳᠠᠪᠠ᠃     2001 ᠤᠨ ᠤ 8 ᠰᠠᠷ᠎ᠠ ᠳᠤ᠂ ᠰᠢᠶᠠᠩ ᠶᠠᠩ ᠨᠢᠭᠡᠳᠤᠭᠡᠷ᠂ ᠬᠤᠶᠠᠳᠤᠭᠠᠷ ᠰᠠᠭᠤᠭᠠᠯᠢ ᠠᠷᠠᠳ ᠤᠨ ᠵᠦᠪᠯᠡᠯ ᠢ ᠨᠡᠶᠢᠯᠡᠭᠦᠯᠵᠦ ᠰᠢᠶᠠᠩ ᠶᠠᠩ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠪᠤᠯᠭᠠᠪᠠ᠃ ᠴᠢᠶᠠᠨ ᠶᠢᠨ ᠨᠢᠭᠡᠳᠤᠭᠡᠷ ᠰᠠᠭᠤᠭᠠᠯᠢ ᠠᠷᠠᠳ ᠤᠨ ᠵᠦᠪᠯᠡᠯ ᠢ ᠰᠢᠤᠢ ᠿᠢ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠭᠡᠵᠦ ᠦᠭᠡᠷᠡᠴᠢᠯᠡᠨ ᠪᠠᠶᠢᠭᠤᠯᠵᠦ᠂ ᠴᠢᠶᠠᠨ ᠶᠢᠨ ᠭᠤᠷᠪᠠᠳᠤᠭᠠᠷ ᠰᠠᠭᠤᠭᠠᠯᠢ ᠠᠷᠠᠳ ᠤᠨ ᠵᠦᠪᠯᠡᠯ ᠢ ᠶᠢᠩ ᠾᠧ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠭᠡᠵᠦ ᠦᠭᠡᠷᠡᠴᠢᠯᠡᠪᠡ᠃ ᠶᠤᠸᠠᠨ ᠯᠢᠨ ᠰᠠᠭᠤᠭᠠᠯᠢ ᠠᠷᠠᠳ ᠤᠨ ᠵᠦᠪᠯᠡᠯ ᠢ ᠰᠢᠩ ᠬᠠᠢ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠵᠦᠪᠯᠡᠯ ᠭᠡᠵᠦ ᠦᠭᠡᠷᠡᠴᠢᠯᠡᠨ ᠪᠠᠶᠢᠭᠤᠯᠪᠠ᠃ ᠴᠧᠨ ᠭᠤᠸᠠᠩ ᠰᠠᠭᠤᠭᠠᠯᠢ ᠠᠷᠠᠳ ᠤᠨ ᠵᠦᠪᠯᠡᠯ ᠢ ᠶᠢᠨ ᠾᠧ ᠰᠠᠭᠤᠭᠠᠯᠢ ᠠᠷᠠᠳ ᠤᠨ ᠵᠦᠪᠯᠡᠯ ᠲᠠᠢ ᠨᠡᠶᠢᠯᠡᠭᠦᠯᠪᠡ᠃     2002 ᠤᠨ ᠤ 11 ᠰᠠᠷ᠎ᠠ ᠶᠢᠨ 29᠎ ᠤ ᠡᠳᠤᠷ᠂ ᠫᠢᠩ ᠵᠤᠸᠠᠩ ᠬᠤᠳᠠ ᠲᠤᠭᠤᠷᠢᠭ ᠤᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠪᠠᠶᠢᠭᠤᠯᠤᠭᠳᠠᠵᠦ᠂ ᠫᠢᠩ ᠵᠤᠸᠠᠩ ᠪᠠᠯᠭᠠᠰᠤ ᠶᠢᠨ ᠫᠢᠩ ᠵᠤᠸᠠᠩ ᠲᠤᠰᠬᠤᠨ ᠪᠠ 20 ᠰᠠᠭᠤᠭᠠᠯᠢ ᠠᠷᠠᠳ ᠤᠨ ᠵᠦᠪᠯᠡᠯ ᠢ ᠪᠦᠭᠦᠨ ᠢ ᠫᠢᠩ ᠵᠤᠸᠠᠩ ᠬᠤᠳᠠ ᠲᠤᠭᠤᠷᠢᠭ ᠤᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠵᠠᠭᠢᠷᠤᠨ ᠬᠠᠮᠢᠶᠠᠷᠤᠭᠤᠯᠪᠠ᠃     2003 ᠤᠨ ᠤ 7 ᠰᠠᠷ᠎ᠠ ᠶᠢᠨ 16᠎ ᠤ ᠡᠳᠤᠷ᠂ ᠰᠢ ᠯᠤ᠋ ᠲᠢᠶᠠᠨ ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ ᠤᠨ ᠤᠤᠯ ᠤᠨ 11 ᠰᠠᠭᠤᠭᠠᠯᠢ ᠠᠷᠠᠳ ᠤᠨ ᠵᠦᠪᠯᠡᠯ ᠢ ᠫᠢᠩ  ᠰᠢ ᠨᠡᠶᠢᠭᠡᠮ ᠲᠤᠭᠤᠷᠢᠭ᠂ ᠫᠢᠩ ᠰᠢ ᠡᠮᠦᠨᠡᠳᠤ ᠵᠡᠭᠡᠯᠢ  ᠶᠢᠨ ᠨᠡᠶᠢᠭᠡᠮ  ᠲᠤᠭᠤᠷᠢᠭ᠂ ᠫᠢᠩ ᠰᠢ ᠬᠤᠶᠢᠳᠤ ᠵᠡᠭᠡᠯᠢ ᠶᠢᠨ ᠨᠡᠶᠢᠭᠡᠮ  ᠲᠤᠭᠤᠷᠢᠭ᠂ ᠸᠧ ᠹᠧ ᠽᠢ ᠨᠡᠶᠢᠭᠡᠮ  ᠲᠤᠭᠤᠷᠢᠭ᠂ ᠬᠠᠨ᠎ᠠ ᠠᠭᠤᠯᠠ ᠨᠡᠶᠢᠭᠡᠮ  ᠲᠤᠭᠤᠷᠢᠭ᠂ ᠬᠤᠶᠢᠳᠤ ᠴᠢ ᠵᠢᠶᠠ ᠨᠡᠶᠢᠭᠡᠮ ᠲᠤᠭᠤᠷᠢᠭ ᠵᠡᠷᠭᠡ 6 ᠰᠠᠭᠤᠭᠠᠯᠢ ᠠᠷᠠᠳ ᠤᠨ ᠵᠦᠪᠯᠡᠯ ᠪᠤᠯᠭᠠᠨ ᠦᠭᠡᠷᠡᠴᠢᠯᠡᠪᠡ᠃    2005 ᠤᠨ ᠤ 10 ᠰᠠᠷ᠎ᠠ ᠶᠢᠨ 31᠂ ᠬᠠᠷᠠᠴᠢᠨ ᠬᠤᠰᠢᠭᠤᠨ ᠤ ᠮᠠ ᠲᠢ ᠶᠢᠩᠽᠢ ᠰᠢᠶᠠᠩ ᠢ ᠶᠤᠸᠠᠨ ᠪᠤᠤ ᠱᠠᠨ ᠲᠤᠭᠤᠷᠢᠭ ᠲᠤ ᠬᠤᠪᠢᠶᠠᠷᠢᠯᠠᠨ ᠦᠭᠪᠡ᠃ 11 ᠰᠠᠷ᠎ᠠ ᠶᠢᠨ 12᠎ ᠤ ᠡᠳᠤᠷ᠂ ᠶᠤᠸᠠᠨ ᠪᠤᠤ ᠱᠠᠨ ᠲᠤᠭᠤᠷᠢᠭ ᠰᠢᠶᠠᠩ ᠪᠠᠯᠭᠠᠰᠤ ᠶᠢᠨ ᠪᠠᠶᠢᠭᠤᠯᠤᠮᠵᠢ ᠳᠤ ᠦᠭᠡᠷᠡᠴᠢᠯᠡᠯᠡᠳᠡ ᠭᠢᠵᠦ᠂ ᠮᠤᠬᠤᠷᠭᠤᠤᠯ ᠪᠠᠯᠭᠠᠰᠤ᠂ ᠰᠢᠶᠤᠤ ᠡᠤ ᠵᠢᠶᠠ ᠶᠢᠨ ᠬᠤᠳᠤᠩ ᠦᠨᠳᠤᠰᠤᠳᠡᠨ ᠤ ᠰᠢᠶᠠᠩ ᠪᠠ ᠭᠦ᠋ ᠱᠠᠨ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠽᠢ ᠵᠢᠶᠠ᠂ ᠰᠢ ᠯᠢᠤ ᠵᠢᠶᠠ᠂ ᠭᠦᠩ ᠭᠧ ᠶᠢᠩᠽᠢ ᠲᠤᠰᠬᠤᠨ ᠢ ᠨᠡᠶᠢᠯᠡᠭᠦᠯᠵᠦ ᠮᠸᠢ ᠯᠢ ᠬᠧ ᠪᠠᠯᠭᠠᠰᠤ ᠎ ᠶᠢᠨ ᠠᠷᠠᠳ ᠤᠨ ᠵᠠᠰᠠᠭ ᠤᠨ ᠤᠷᠳᠤᠨ ᠪᠤᠯᠭᠠᠵᠦ᠂ ᠵᠠᠰᠠᠭ ᠤᠨ ᠤᠷᠳᠤᠨ ᠤ ᠰᠠᠭᠤᠭ᠎ᠠ ᠭᠠᠵᠠᠷ ᠢ ᠡᠮᠦᠨ᠎ᠡ ᠮᠤᠬᠤᠷᠭᠤᠤᠯ ᠲᠤᠰᠬᠤᠨ ᠳᠤ ᠪᠠᠶᠢᠭᠤᠯᠪᠠ᠃ ᠵᠢᠶᠠᠨ ᠴᠠᠩ ᠶᠢᠩ ᠪᠠᠯᠭᠠᠰᠤ᠂ ᠮᠠ ᠯᠢᠨ ᠪᠠᠯᠭᠠᠰᠤ᠂ ᠶᠤᠸᠠᠨ ᠪᠤᠤ ᠱᠠᠨ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠢ ᠨᠡᠶᠢᠯᠡᠭᠦᠯᠵᠦ ᠶᠤᠸᠠᠨ ᠪᠤᠤ ᠱᠠᠨ ᠪᠠᠯᠭᠠᠰᠤ ᠶᠢᠨ ᠠᠷᠠᠳ ᠎ ᠤᠨ ᠵᠠᠰᠠᠭ ᠤᠨ ᠤᠷᠳᠤᠨ ᠪᠤᠯᠭᠠᠵᠦ᠂ ᠵᠠᠰᠠᠭ ᠤᠨ ᠤᠷᠳᠤᠨ ᠤ ᠰᠠᠭᠤᠭ᠎ᠠ ᠭᠠᠵᠠᠷ ᠢ ᠵᠢᠶᠠᠨ ᠴᠠᠩ ᠶᠢᠩ ᠲᠤᠰᠬᠤᠨ ᠎ ᠳᠤ ᠪᠠᠶᠢᠭᠤᠯᠪᠠ᠃ ᠫᠢᠩ ᠵᠤᠸᠠᠩ ᠪᠠᠯᠭᠠᠰᠤ᠂ ᠱᠠᠨ ᠴᠢᠶᠠᠨ ᠪᠠᠯᠭᠠᠰᠤ᠂ ᠬᠠᠷᠠᠴᠢᠨ ᠬᠤᠰᠢᠭᠤᠨ ᠤ ᠮᠠ ᠲᠢ ᠶᠢᠩᠽᠢ ᠰᠢᠶᠠᠩ ᠪᠤᠯᠤᠨ ᠭᠦ᠋ ᠱᠠᠨ ᠪᠠᠯᠭᠠᠰᠤ ᠶᠢᠨ ᠯᠢᠩ ᠱᠠᠩ᠂ ᠱᠦᠢ ᠶᠤᠸᠠᠨ ᠲᠤᠰᠬᠤᠨ ᠢ ᠨᠡᠶᠢᠯᠡᠭᠦᠯᠵᠦ ᠫᠢᠩ ᠵᠤᠸᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠪᠤᠯᠭᠠᠵᠦ᠂ ᠵᠠᠰᠠᠭ ᠤᠨ ᠤᠷᠳᠤᠨ ᠤ ᠰᠠᠭᠤᠭ᠎ᠠ ᠭᠠᠵᠠᠷ ᠢ ᠫᠢᠩ ᠵᠤᠸᠠᠩ ᠳᠤ ᠪᠠᠶᠢᠭᠤᠯᠪᠠ᠃ ᠡᠤ ᠵᠢᠶᠠ ᠪᠠᠯᠭᠠᠰᠤ᠂ ᠹᠧᠩ ᠱᠦᠢ ᠭᠸᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠤᠤᠯ ᠤᠨ ᠵᠠᠰᠠᠭ ᠵᠠᠭᠢᠷᠭᠠᠨ ᠤ ᠬᠤᠪᠢᠶᠠᠷᠢ ᠢ ᠬᠤᠪᠢᠷᠠᠭᠤᠯᠤᠭᠰᠠᠨ ᠦᠭᠡᠢ᠃     2008 ᠤᠨ ᠤ ᠡᠴᠤᠰ᠂ ᠶᠤᠸᠠᠨ ᠪᠤᠤ ᠱᠠᠨ ᠲᠤᠭᠤᠷᠢᠭ ᠤᠨ ᠬᠠᠷᠢᠶᠠᠨ ᠳᠠᠬᠢ ᠡᠤ ᠵᠢᠶᠠ᠂ ᠫᠢᠩ ᠵᠤᠸᠠᠩ᠂ ᠮᠤᠬᠤᠷᠭᠤᠤᠯ᠂ ᠶᠤᠸᠠᠨ ᠪᠤᠤ ᠱᠠᠨ᠂ ᠹᠧᠩ ᠱᠦᠢ ᠭᠸᠤ ᠵᠡᠷᠭᠡ 5 ᠪᠠᠯᠭᠠᠰᠤ ᠪᠤᠯᠤᠨ ᠶᠦᠨ ᠱᠠᠨ ᠵᠠᠮ᠂ ᠰᠢ ᠯᠤ᠋ ᠲᠢᠶᠠᠨ᠂ ᠫᠢᠩ ᠵᠤᠸᠠᠩ ᠬᠤᠳᠠ ᠲᠤᠭᠤᠷᠢᠭ ᠵᠡᠷᠭᠡ 3 ᠵᠡᠭᠡᠯᠢ ᠭᠤᠳᠤᠮᠵᠢ ᠶᠢᠨ ᠭᠡᠷᠡᠭ ᠡᠷᠭᠢᠯᠡᠭᠦ ᠭᠠᠵᠠᠷ᠂ 66 ᠲᠤᠰᠬᠤᠨ ᠤ ᠠᠷᠠᠳ ᠤᠨ ᠵᠦᠪᠯᠡᠯ᠂ 233 ᠠᠶᠢᠯ ᠲᠤᠰᠬᠤᠨ᠂ 60 ᠰᠠᠭᠤᠭᠠᠯᠢ ᠠᠷᠠᠳ ᠤᠨ ᠵᠦᠪᠯᠡᠯ ᠲᠠᠢ ᠪᠤᠯᠪᠠ᠃
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1