ᠬᠤᠤᠷᠳᠠᠭᠳᠠᠬᠤ ᠠᠳᠡᠯ - ᠤᠷᠭᠠᠨᠢᠬ ᠹᠤᠰᠹᠤᠷᠳᠤ ᠲᠡᠷᠢᠶᠠᠨ ᠡᠮ ᠤᠨ ᠬᠤᠤᠷᠳᠠᠯ ᠤᠨ ᠲᠤᠬᠠᠢ
ᠨᠡᠶᠢᠲᠡᠯᠡᠭᠰᠡᠨ ᠴᠠᠭ᠄
2017/9/22
     ᠤᠷᠭᠠᠨᠢᠬ ᠹᠤᠰᠹᠤᠷᠳᠤ ᠲᠡᠷᠢᠶᠠᠨ ᠡᠮ ᠪᠤᠯ ᠮᠠᠨ ᠤ ᠤᠯᠤᠰ ᠤᠨ ᠤᠳᠤᠬᠠᠨ᠎ᠠ ᠬᠠᠮᠤᠭ ᠤᠨ ᠥᠷᠭᠡᠨ ᠭᠡᠷᠡᠭᠯᠡᠵᠤ ᠪᠠᠶᠢᠭ᠎ᠠ ᠲᠡᠷᠢᠶᠠᠨ ᠡᠮ ᠪᠤᠯᠤᠨ᠎ᠠ᠃ ᠬᠤᠤᠷᠳᠠᠯ ᠤᠨ ᠰᠢᠯᠳᠠᠭᠠᠨ ᠪᠤᠯ ᠭᠡᠪᠡᠯ ᠭᠤᠤᠯ ᠨᠢ ᠤᠷᠭᠠᠨᠢᠬ ᠹᠤᠰᠹᠤᠷᠳᠤ ᠲᠡᠷᠢᠶᠠᠨ ᠡᠮ ᠳᠤ ᠪᠤᠬᠢᠷᠳᠤᠭᠰᠠᠨ ᠢᠳᠡᠭᠡᠨ ᠢ ᠢᠳᠡᠭᠰᠡᠨ ᠠᠴᠠ ᠡᠬᠦᠰᠳᠡᠭ ᠪᠠᠶᠢᠨ᠎ᠠ᠃      ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ    ● ᠬᠤᠤᠷ ᠠᠬᠤᠭᠤᠯᠤᠭᠳᠠᠵᠤ ᠪᠠᠶᠢᠵᠤ ᠮᠡᠳᠡᠬᠦ ᠢᠳᠡᠭᠡᠨ ᠢ ᠢᠳᠡᠬᠦ ᠪᠠᠨ ᠲᠡᠷᠦ᠋ᠢᠬᠠᠨ ᠵᠤᠭᠰᠤᠬᠤ ᠪᠠ ᠪᠢᠳᠡᠬᠦᠮᠵᠢᠯᠡᠨ ᠬᠠᠳᠠᠭᠠᠯᠠᠨ᠎ᠠ᠃    ● ᠲᠡᠷᠦ᠋ᠢᠬᠠᠨ ᠪᠥᠭᠡᠯᠵᠢᠵᠤ ᠭᠠᠷᠭᠠᠬᠤ ᠪᠠ ᠬᠤᠳᠤᠭᠤᠳᠤ ᠪᠠᠨ ᠤᠬᠢᠶᠠᠯᠭᠠᠨ᠎ᠠ᠃    ● ᠮᠠᠨᠠᠷᠠᠭᠰᠠᠳ ᠤᠨ ᠠᠮᠢᠰᠬᠤᠯ ᠤᠨ ᠵᠠᠮ ᠢ ᠨᠢ ᠰᠢᠯᠤᠭᠤᠨ ᠪᠠᠶᠢᠯᠭᠠᠬᠤ ᠪᠠ ᠬᠠᠵᠠᠭᠤᠯᠳᠠᠭᠤᠯᠤᠨ ᠭᠡᠪᠳᠡᠬᠦᠯᠵᠤ ᠂ ᠮᠥᠭᠡᠷᠰᠥᠨ ᠬᠤᠭᠤᠯᠠᠢ ᠶᠢ ᠨᠢ ᠪᠥᠭᠡᠯᠵᠢᠭᠰᠡᠨ ᠠᠴᠠ ᠪᠤᠯᠵᠤ ᠪᠥᠳᠡᠬᠦ ᠠᠴᠠ ᠰᠡᠷᠭᠡᠶᠢᠯᠡᠨ᠎ᠡ᠃    ● ᠲᠡᠷᠦ᠋ᠢᠬᠠᠨ ᠤᠢᠢᠷ᠎ᠠ ᠤᠷᠴᠢᠮ ᠤᠨ ᠡᠮᠨᠡᠯᠭᠡ ᠳᠤ ᠬᠥᠷᠭᠡᠨ ᠲᠥᠷᠭᠡᠨ ᠠᠪᠤᠷᠠᠯᠳᠠ ᠬᠢᠯᠭᠡᠨ᠎ᠡ᠃     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ    ◇ ᠤᠷᠭᠠᠨᠢᠬ ᠹᠤᠰᠹᠤᠷᠳᠤ ᠲᠡᠷᠢᠶᠠᠨ ᠡᠮ ᠢ ᠲᠤᠰᠬᠠᠢ ᠬᠥᠮᠥᠨ ᠬᠠᠮᠢᠶᠠᠷᠴᠤ᠂ ᠲᠤᠰᠠᠭᠠᠷ ᠨᠢ ᠬᠠᠳᠠᠭᠠᠯᠠᠵᠤ᠂ ᠲᠤᠰᠬᠠᠢ ᠪᠠᠭᠠᠵᠢ ᠭᠡᠷᠡᠭᠰᠡᠯ ᠢ ᠭᠡᠷᠡᠭᠯᠡᠬᠦ ᠭᠡᠷᠡᠭᠳᠡᠢ᠃    ◇ ᠡᠮ ᠨᠠᠶᠢᠷᠠᠭᠤᠯᠬᠤ ᠪᠠ ᠥᠷ᠎ᠡ ᠪᠠᠭᠰᠤᠷᠠᠬᠤ ᠳᠠᠭᠠᠨ ᠮᠠᠯ ᠤᠨ ᠬᠠᠰᠢᠶ᠎ᠠ᠂ ᠤᠮᠳᠠ ᠤᠰᠤᠨ ᠤ ᠰᠤᠷᠪᠤᠯᠵᠢ ᠪᠠ ᠭᠤᠸᠠ ᠵᠢᠮᠢᠰ ᠤᠨ ᠭᠠᠵᠠᠷ ᠲᠠᠷᠢᠶ᠎ᠠ ᠠᠴᠠ ᠬᠤᠯᠠᠬᠠᠨ ᠪᠠᠶᠢᠯᠭᠠᠵᠤ᠂ ᠪᠤᠬᠢᠷᠳᠤᠭᠤᠯᠬᠤ ᠠᠴᠠ ᠰᠡᠷᠭᠡᠶᠢᠯᠡᠨ᠎ᠡ᠃    ◇ ᠤᠷᠭᠠᠨᠢᠬ ᠹᠤᠰᠹᠤᠷᠳᠤ ᠲᠡᠷᠢᠶᠠᠨ ᠡᠮ ᠨᠢ ᠪᠠᠰᠠ ᠠᠮᠢᠰᠬᠤᠯ ᠤᠨ ᠵᠠᠮ᠂ ᠠᠷᠠᠰᠤ ᠬᠥᠷᠥᠰᠤ ᠪᠠᠷ ᠲᠡᠮᠵᠢᠨ ᠬᠥᠮᠥᠨ ᠤ ᠪᠡᠶ᠎ᠡ ᠳᠤ ᠤᠷᠤᠵᠤ ᠬᠤᠤᠷᠳᠠᠯ ᠡᠬᠦᠰᠭᠡᠳᠡᠭ᠂ ᠡᠶᠢᠮᠥ ᠠᠴᠠ ᠲᠡᠷᠢᠶᠠᠨ ᠡᠮ ᠰᠥᠷᠴᠢᠬᠦ ᠳᠡᠭᠡᠨ ᠡᠷᠭᠡᠪᠰᠢ ᠬᠤᠪᠢ ᠬᠥᠮᠥᠨ ᠤ ᠰᠡᠷᠭᠡᠶᠢᠯᠡᠯᠳᠡ ᠬᠠᠮᠠᠭᠠᠯᠠᠯᠳᠠ ᠶᠢ ᠰᠠᠶᠢᠳᠤᠷ ᠬᠢᠵᠤ᠂ ᠰᠠᠯᠬᠢᠨ ᠤ ᠤᠷᠤᠭᠤ ᠰᠥᠷᠴᠢᠬᠦ ᠪᠠ ᠡᠮ ᠰᠥᠷᠴᠢᠭᠰᠡᠨ ᠤ ᠪᠠᠨ ᠰᠡᠬᠦᠯᠡᠷ ᠰᠠᠪᠤᠩ ᠲᠠᠢ ᠤᠰᠤ ᠪᠠᠷ ᠨᠢᠭᠤᠷ ᠭᠠᠷ ᠢᠶᠠᠨ ᠰᠠᠶᠢᠳᠤᠷ ᠤᠬᠢᠶᠠᠬᠤ ᠭᠡᠷᠡᠭᠳᠡᠢ᠃     ◇ ᠲᠡᠷᠢᠶᠠᠨ ᠡᠮ ᠰᠠᠪᠠᠯᠠᠵᠤ ᠥᠡᠭᠭᠡᠷᠡᠭᠰᠡᠨ ᠰᠠᠪᠠ ᠪᠤᠭᠤᠳᠠᠯ ᠳᠤ ᠬᠤᠭᠤᠯᠠ ᠤᠮᠳᠠᠭᠠᠨ ᠰᠠᠪᠠᠯᠠᠬᠤ ᠶᠢ ᠴᠠᠭᠠᠵᠠᠯᠠᠬᠤ ᠭᠡᠷᠡᠭᠳᠡᠢ᠃ ᠠᠮᠤ ᠪᠤᠳᠠᠭ᠎ᠠ᠂ ᠭᠤᠸᠠ ᠵᠢᠮᠢᠰ᠂ ᠢᠳᠡᠰᠢᠨ ᠨᠤᠭᠤᠭ᠎ᠠ ᠪᠠ ᠪᠤᠰᠤᠳ ᠵᠥᠢᠯ ᠤᠨ ᠢᠳᠡᠭᠡᠨ ᠤ ᠵᠥᠢᠯ ᠢ ᠤᠷᠭᠠᠨᠢᠬ ᠹᠤᠰᠹᠤᠷᠳᠤ ᠲᠡᠷᠢᠶᠠᠨ ᠡᠮ ᠲᠠᠢ ᠴᠤᠭ ᠠᠴᠢᠶᠠᠯᠠᠵᠤ ᠵᠥᠭᠡᠭᠡᠪᠥᠷᠢᠯᠡᠬᠦ ᠶᠢ ᠡᠷᠡᠰ ᠴᠠᠭᠠᠵᠠᠯᠠᠬᠤ ᠭᠡᠷᠡᠭᠳᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1