ᠭᠠᠵᠠᠷ ᠤᠷᠤᠨ ᠤ ᠨᠠᠷᠠᠶᠢᠳᠦᠯ ᠤᠨ ᠢᠷᠡᠯᠳᠠ᠄    ᠶᠤᠸᠠᠨ ᠪᠤᠤ ᠱᠠᠨ ᠪᠠᠯᠭᠠᠰᠤ
ᠨᠡᠶᠢᠲᠡᠯᠡᠭᠰᠡᠨ ᠴᠠᠭ᠄
2017/9/20
 ᠶᠤᠸᠠᠨ ᠪᠤᠤ ᠱᠠᠨ ᠪᠠᠯᠭᠠᠰᠤ    ᠬᠠᠭᠤᠷᠮᠠᠭ ᠮᠠᠨᠵᠤ ᠵᠠᠰᠠᠭ ᠤᠨ ᠦᠶ᠎ᠠ ᠳᠤ ᠬᠦᠮᠦᠰ ᠠᠳᠠ ᠠᠭᠤᠯᠠ ᠲᠡᠭᠡᠷ᠎ᠠ ᠠᠭᠤᠷᠬᠠᠢ ᠮᠠᠯᠳᠠᠵᠤ᠂ ᠠᠰᠢᠭ ᠤᠷᠤᠯᠭ᠎ᠠ ᠡᠯᠪᠡᠭ ᠲᠡᠯᠪᠡᠭ ᠤᠯᠵᠤ ᠪᠠᠶᠢᠵᠠᠢ᠃ ᠲᠡᠭᠡᠭᠡᠳ ᠡᠨᠡᠬᠦ ᠠᠭᠤᠯᠠ ᠶᠢ ᠶᠤᠸᠠᠨ ᠪᠤᠤ ᠱᠠᠨ ᠭᠡᠵᠤ ᠨᠡᠷᠡᠶᠢᠳᠤᠵᠠᠢ᠃ ᠲᠤᠰ ᠪᠠᠯᠭᠠᠰᠤᠨ ᠤ ᠨᠡᠷ᠎ᠠ ᠨᠢ ᠠᠭᠤᠯᠠ ᠠᠴᠠ ᠢᠷᠡᠯᠳᠠᠳᠠᠢ᠃ ᠲᠤᠰ ᠭᠠᠵᠠᠷ ᠲᠦᠷᠦ ᠬᠡᠷᠡᠯᠳᠦ ᠬᠠᠭᠠᠨ ᠤ ᠦᠶ᠎ᠠ ᠳᠤ ᠬᠦᠮᠦᠨ ᠰᠠᠭᠤᠷᠢᠰᠢᠵᠤ᠂ ᠠᠭᠠᠵᠢᠮ ᠢᠶᠠᠷ ᠡᠳᠦᠢ ᠲᠡᠳᠦᠢ ᠲᠤᠰᠬᠤᠨ ᠪᠤᠯᠵᠤ ᠪᠦᠷᠢᠯᠳᠤᠵᠠᠢ᠃1946 ᠤᠨ ᠤ 9 ᠰᠠᠷ᠎ᠠ ᠳᠤ ᠵᠢᠶᠠᠨ ᠴᠠᠩ ᠢᠩ ᠤᠨ ᠬᠤᠶᠠᠳᠤᠭᠠᠷ ᠲᠤᠭᠤᠷᠢᠭ ᠤᠨ ᠬᠠᠷᠢᠶᠠᠨ ᠳᠤ ᠪᠠᠶᠢᠵᠤ᠂1961 ᠤᠨ ᠳᠤ ᠶᠤᠸᠠᠨ ᠪᠤᠤ ᠱᠠᠨ ᠠᠷᠠᠳ ᠤᠨ ᠨᠢᠬᠡᠳᠦᠯ ᠢ ᠪᠠᠶᠢᠭᠤᠯᠪᠠ᠂1968 ᠤᠨ ᠳᠤ ᠰᠢᠨ ᠱᠠᠨ ᠨᠢᠬᠡᠳᠦᠯ ᠭᠡᠵᠤ ᠨᠡᠷ᠎ᠠ ᠪᠠᠨ ᠬᠠᠯᠠᠵᠠᠢ᠂1975 ᠤᠨ ᠳᠤ ᠤᠤᠯ ᠤᠨ ᠶᠤᠸᠠᠨ ᠪᠣᠣ ᠱᠠᠨ ᠨᠢᠬᠡᠳᠦᠯ ᠬᠡᠳᠡᠭ ᠨᠡᠷ᠎ᠠ ᠪᠠᠨ ᠰᠡᠷᠬᠦᠬᠡᠵᠤ᠂1984 ᠤᠨ ᠳᠤ ᠪᠠ ᠵᠢᠶᠠ ᠰᠢᠶᠠᠩ ᠢ ᠪᠠᠶᠢᠭᠤᠯᠵᠠᠢ᠂1986 ᠤᠨ7 ᠰᠠᠷ᠎ᠠ ᠳᠤ ᠶᠤᠸᠠᠨ ᠪᠤᠤ ᠱᠠᠨ ᠤ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠢ ᠦᠬᠡᠶᠢᠰᠬᠡᠵᠤ᠂ ᠪᠠ ᠵᠢᠶᠠ ᠰᠢᠶᠠᠩ ᠲᠠᠢ ᠨᠡᠶᠢᠯᠡᠬᠦᠯᠪᠡ᠂ ᠲᠡᠭᠡᠭᠡᠳ1987 ᠤᠨ ᠤ7 ᠰᠠᠷ᠎ᠠ ᠳᠤ ᠪᠠ ᠵᠢᠶᠠ ᠰᠢᠶᠠᠩ ᠢ ᠶᠤᠸᠠᠨ ᠪᠤᠤ ᠱᠠᠨ ᠪᠠᠯᠭᠠᠰᠤ ᠬᠡᠵᠤ ᠨᠡᠷ᠎ᠠ ᠶᠢ ᠨᠢ ᠦᠬᠡᠷᠡᠴᠢᠯᠡᠪᠡ᠃2005 ᠤᠨ ᠤ11 ᠰᠠᠷ᠎ᠠ ᠶᠢᠨ12᠎ ᠤ ᠡᠳᠦᠷ ᠶᠤᠸᠠᠨ ᠪᠤᠤ ᠱᠠᠨ ᠲᠤᠭᠤᠷᠢᠭ ᠰᠢᠶᠠᠩ ᠪᠠᠯᠭᠠᠰᠤ ᠶᠢᠨ ᠪᠠᠶᠢᠭᠤᠯᠤᠮᠵᠢ ᠶᠢᠨ ᠦᠬᠡᠷᠡᠴᠢᠯᠡᠯᠳᠠ ᠬᠢᠵᠤ᠂ ᠤᠤᠯ ᠤᠨ ᠵᠢᠶᠠᠨ ᠴᠠᠩ ᠢᠩ ᠪᠠᠯᠭᠠᠰᠤ᠂ ᠶᠤᠸᠠᠨ ᠪᠤᠤ ᠱᠠᠨ ᠪᠠᠯᠭᠠᠰᠤ᠂ ᠮᠠ ᠯᠢᠨ ᠪᠠᠯᠭᠠᠰᠤ ᠶᠢ ᠨᠡᠶᠢᠯᠡᠬᠦᠯᠦᠨ ᠶᠤᠸᠠᠨ ᠪᠤᠤ ᠱᠠᠨ ᠪᠠᠯᠭᠠᠰᠤ ᠪᠤᠯᠭᠠᠵᠠᠢ᠃
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1