ᠭᠠᠵᠠᠷ ᠤᠷᠤᠨ ᠤ ᠨᠠᠷᠠᠶᠢᠳᠦᠯ ᠤᠨ ᠢᠷᠡᠯᠳᠠ: ᠦᠵᠢᠶᠠ ᠪᠠᠯᠭᠠᠰᠤ
ᠨᠡᠶᠢᠲᠡᠯᠡᠭᠰᠡᠨ ᠴᠠᠭ᠄
2017/9/20
ᠦᠵᠢᠶᠠ ᠪᠠᠯᠭᠠᠰᠤ     ᠴᠢᠩ ᠤᠯᠤᠰ ᠤᠨ ᠡᠶᠡᠪᠡᠷ ᠵᠠᠰᠠᠭᠴᠢ ᠶᠢᠨ ᠬᠤᠶᠠᠳᠤᠭᠠᠷ ᠤᠨ ︵1645 ᠤᠨ︶᠎ ᠳᠤ ᠶᠠᠨ᠂ ᠭᠤᠸᠠᠨ᠂ ᠵᠢᠶᠠᠩ᠂ ᠮᠦ᠂ ᠱᠠᠨ ᠲᠠᠪᠤᠨ ᠤᠪᠤᠭᠳᠠᠨ ᠤ ᠬᠦᠮᠦᠰ ᠠᠳᠠ ᠡᠬᠢᠯᠡᠨ ᠰᠠᠭᠤᠷᠢᠰᠢᠵᠤ᠂ ᠲᠤᠰᠬᠤᠨ ᠪᠦᠷᠢᠯᠳᠦᠨ ᠠᠶᠠᠨᠳᠠᠭᠠᠨ ︽ᠦᠵᠢᠶᠠ ᠲᠤᠰᠬᠤᠨ︾ ᠬᠡᠰᠡᠨ ᠨᠡᠷᠡᠶᠢᠳᠦᠯ ᠢ ᠤᠯᠵᠠᠢ᠃ ᠴᠢᠯᠦᠬᠡᠯᠡᠭᠳᠡᠭᠰᠡᠨ ᠤ ᠲᠠᠷᠠᠭ᠎ᠠ ᠬᠠᠷᠠᠴᠢᠨ ᠬᠤᠰᠢᠭᠤᠨ ᠤ ᠶᠢᠰᠦᠳᠦᠬᠡᠷ ᠲᠤᠭᠤᠷᠢᠭ ᠲᠤ ᠬᠠᠷᠢᠶᠠᠯᠠᠭᠳᠠᠵᠤ᠂1956 ᠤᠨ ᠳᠤ ᠰᠢᠶᠠᠩ ᠪᠠᠶᠢᠭᠤᠯᠤᠨ᠂ ᠰᠢᠶᠠᠩ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠢ ᠲᠤᠰᠬᠤᠨ ᠤ ᠨᠡᠷ᠎ᠠ ᠪᠠᠷ ᠨᠡᠷᠡᠶᠢᠳᠦᠨ ᠦᠵᠢᠶᠠ ᠪᠠᠯᠭᠠᠰᠤ ᠬᠡᠵᠠᠢ᠂1957 ᠤᠨ ᠳᠤ ᠡᠮᠦᠨ᠎ᠡ ᠮᠠ ᠵᠢᠶᠠᠽᠢ ᠰᠢᠶᠠᠩ ᠲᠠᠢ ᠨᠡᠶᠢᠯᠡᠪᠡ᠃1958 ᠤᠨ ᠤ 9 ᠰᠠᠷ᠎ᠠ ᠳᠤ ᠤᠤᠯ ᠤᠨ ᠤᠯᠠᠭᠠᠨᠬᠠᠳᠠ ᠬᠤᠳᠠ ᠶᠢᠨ ᠫᠢᠩᠵᠤᠸᠠᠩ ᠠᠷᠠᠳ ᠤᠨ ᠨᠢᠬᠡᠳᠦᠯ ᠳᠤ ᠬᠤᠪᠢᠶᠠᠨ ᠦᠭᠴᠠᠢ ᠃1962 ᠤᠨ ᠳᠤ ᠲᠠᠬᠢᠨ ᠬᠠᠷᠠᠴᠢᠨ ᠬᠤᠰᠢᠭᠤᠨ ᠳᠤ ᠬᠤᠪᠢᠶᠠᠨ ᠦᠭᠴᠦ ᠦᠵᠢᠶᠠ ᠠᠷᠠᠳ ᠤᠨ ᠨᠢᠬᠡᠳᠦᠯ ᠭᠡᠵᠤ ᠪᠠᠶᠢᠭᠤᠯᠪᠠ᠂1983 ᠤᠨ11 ᠰᠠᠷ᠎ᠠ ᠳᠤ ᠶᠤᠸᠠᠨ ᠪᠤᠤ ᠱᠠᠨ ᠲᠤᠭᠤᠷᠢᠭ ᠲᠤ ᠬᠠᠷᠢᠶᠠᠯᠠᠭᠳᠠᠵᠤ᠂1984 ᠤᠨ ᠳᠤ ᠦᠵᠢᠶᠠ ᠪᠠᠯᠭᠠᠰᠤ ᠪᠤᠯᠭᠠᠨ ᠦᠬᠡᠷᠡᠴᠢᠯᠡᠨ ᠪᠠᠶᠢᠭᠤᠯᠵᠠᠢ᠃
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1