ᠹᠧᠩ ᠱᠦᠢ ᠭᠸᠦ ᠪᠠᠯᠭᠠᠰᠤ ᠴᠢᠯᠦᠬᠡᠯᠡᠭᠳᠡᠭᠰᠡᠨ ᠤ ᠡᠬᠢᠨ ᠤ ᠬᠤᠭᠤᠴᠠᠭᠠᠨ ᠳᠤ ᠲᠤᠰ ᠭᠠᠵᠠᠷ ᠨᠢ ᠷᠧ | ᠾᠧ ᠮᠤᠵᠢ ᠶᠢᠨ ᠷᠧ ᠵᠦᠩ ᠲᠤᠰᠬᠠᠢ ᠵᠠᠰᠠᠭ ᠵᠠᠬᠢᠷᠭᠠᠨ ᠤ ᠤᠩᠨᠢᠭᠤᠳ ᠪᠠᠷᠠᠭᠤᠨ ᠬᠤᠰᠢᠭᠤ ᠳᠤ ᠬᠠᠷᠢᠶᠠᠯᠠᠭᠳᠠᠵᠤ | ᠪᠠᠶᠢᠵᠠᠢ᠂1949 ᠤᠨ ᠳᠤ ᠤᠯᠠᠭᠠᠨᠬᠠᠳᠠ ᠬᠤᠳᠠ ᠶᠢᠨ ᠬᠤᠶᠠᠳᠤᠭᠠᠷ ᠲᠤᠭᠤᠷᠢᠭ ︵ᠵᠢᠶᠠᠨ ᠴᠠᠩ ᠢᠩ | ᠲᠤᠭᠤᠷᠢᠭ︶ ᠲᠤ ᠬᠤᠪᠢᠶᠠᠨ ᠦᠭᠴᠦ᠂1958 ᠤᠨ ᠳᠤ ᠤᠤᠯ ᠤᠨ ᠤᠯᠠᠭᠠᠨᠬᠠᠳᠠ ᠬᠤᠳᠠ ᠶᠢᠨ ᠲᠠᠢ ᠫᠢᠩ ᠳ᠋ᠢ | ᠨᠢᠬᠡᠳᠦᠯ ᠳᠤ ᠬᠠᠷᠢᠶᠠᠯᠠᠭᠳᠠᠵᠠᠢ᠂1960 ᠤᠨ ᠳᠤ ᠠᠩᠴᠢᠠᠭᠤᠤ ᠨᠢᠬᠡᠳᠦᠯ ᠲᠠᠢ ᠨᠡᠶᠢᠯᠡᠬᠦᠯᠦᠨ ᠤᠷᠤᠭᠤᠯᠵᠤ᠂ | 1961 ᠤᠨ ᠳᠤ ᠠᠩᠴᠢᠠᠭᠤᠤ ᠠᠴᠠ ᠰᠠᠯᠭᠠᠵᠤ ᠲᠠᠢ ᠫᠢᠩ ᠳ᠋ᠢ ᠨᠢᠬᠡᠳᠦᠯ ᠢ ᠰᠡᠷᠬᠦᠬᠡᠨ ᠦᠭᠴᠠᠢ᠂1962 ᠤᠨ | ᠳᠤ ᠤᠯᠠᠭᠠᠨᠬᠠᠳᠠ ᠰᠢᠶᠠᠨ ᠳᠤ ᠬᠤᠪᠢᠶᠠᠷᠢᠯᠠᠨ ᠬᠠᠷᠢᠶᠠᠯᠠᠭᠳᠠᠵᠤ ᠪᠠᠶᠢᠪᠠ᠃1983 ᠤᠨ ᠤ10 ᠰᠠᠷ᠎ᠠ ᠳᠤ ᠵᠤᠤ | ᠤᠳᠠ ᠵᠠᠰᠠᠭ ᠵᠠᠬᠢᠷᠭ᠎ᠠ ᠶᠢᠨ ᠪᠠᠶᠢᠭᠤᠯᠤᠮᠵᠢ ᠶᠢ ᠦᠬᠡᠶᠢᠰᠬᠡᠵᠤ᠂ ᠤᠯᠠᠭᠠᠨᠬᠠᠳᠠ ᠬᠤᠳᠠ ᠶᠢ ᠪᠠᠶᠢᠭᠤᠯᠵᠤ᠂ | ᠤᠯᠠᠭᠠᠨᠬᠠᠳᠠ ᠰᠢᠶᠠᠨ ᠢ ᠤᠯᠠᠭᠠᠨᠬᠠᠳᠠ ᠬᠤᠳᠠ ᠲᠤᠭᠤᠷᠢᠭ ᠪᠤᠯᠭᠠᠨ ᠦᠬᠡᠷᠡᠴᠢᠯᠠᠵᠠᠢ᠂ ᠲᠤᠰ ᠵᠢᠯ ᠤᠨ ᠡᠴᠦᠰ | ᠤᠯᠠᠭᠠᠨᠬᠠᠳᠠ ᠬᠤᠳᠠ ᠲᠤᠭᠤᠷᠢᠭ ᠤᠨ ᠲᠠᠢ ᠫᠢᠩ ᠳ᠋ᠢ ᠨᠢᠬᠡᠳᠦᠯ ᠠᠴᠠ ᠰᠢᠩ ᠯᠦᠩ ᠫᠥᠸᠧ᠂ ᠬᠠᠷᠠᠮᠤᠳᠤ᠂ ᠳ᠋ᠠ | ᠪᠸᠢ ᠬᠠᠢ᠂ ᠹᠧᠩ ᠱᠦᠢ ᠭᠸᠦ ᠲᠦᠷᠪᠡᠨ ᠪᠠᠷᠢᠭᠠᠳᠠ ᠶᠢ ᠰᠠᠯᠭᠠᠵᠤ ᠂ ᠠᠩᠴᠢᠠᠭᠤᠤ ᠨᠢᠬᠡᠳᠦᠯ ᠠᠴᠠ ᠰᠢᠶᠠ ᠺᠠᠨ | ᠽᠢ ᠪᠠᠷᠢᠭᠠᠳᠠ ᠶᠢ ᠰᠠᠯᠭᠠᠵᠤ ᠶᠤᠸᠠᠨ ᠪᠤᠤ ᠱᠠᠨ ᠲᠤᠭᠤᠷᠢᠭ ᠲᠤ ᠬᠤᠪᠢᠶᠠᠨ ᠦᠭᠪᠡ᠂1984 ᠤᠨ ᠳᠤ ᠰᠢᠩ | ᠯᠦᠩ ᠫᠥᠸᠧ ᠰᠢᠶᠠᠩ ᠤᠨ ᠠᠷᠠᠳ ᠤᠨ ᠵᠠᠰᠠᠭ ᠤᠨ ᠤᠷᠳᠤᠨ ᠢ ᠪᠠᠶᠢᠭᠤᠯᠵᠤ᠂ ᠰᠠᠭᠤᠭ᠎ᠠ ᠭᠠᠵᠠᠷ ᠢ ᠨᠢ ᠰᠢᠩ | ᠯᠦᠩ ᠫᠥᠸᠧ ᠲᠤᠰᠬᠤᠨ ᠤ ᠨᠡᠷ᠎ᠠ ᠪᠠᠷ ᠨᠡᠷᠡᠶᠢᠳᠤᠵᠠᠢ᠃1985 ᠤᠨ ᠳᠤ ᠶᠤᠸᠠᠨ ᠪᠤᠤ ᠱᠠᠨ ᠲᠤᠭᠤᠷᠢᠭ ᠤᠨ | ᠠᠷᠠᠳ ᠤᠨ ᠵᠠᠰᠠᠭ ᠤᠨ ᠤᠷᠳᠤᠨ ᠨᠢ ᠲᠤᠰ ᠭᠠᠵᠠᠷ ᠤᠷᠤᠨ ᠤ ᠨᠡᠷ᠎ᠠ ᠪᠠᠷ ᠹᠧᠩ ᠱᠦᠢ ᠭᠸᠦ ᠵᠡᠬᠡᠯᠢ ᠭᠤᠳᠤᠮᠵᠢ | ᠶᠢᠨ ᠬᠡᠷᠡᠭ ᠡᠷᠬᠢᠯᠡᠬᠦ ᠭᠠᠵᠠᠷ ᠢ ᠨᠡᠷᠡᠶᠢᠳᠦᠨ ᠪᠠᠶᠢᠭᠤᠯᠵᠠᠢ᠃1987 ᠤᠨ ᠤ7 ᠰᠠᠷ᠎ᠠ ᠶᠢᠨ22 ᠤ ᠡᠳᠦᠷ᠂ ᠰᠢᠩ | ᠯᠦᠩ ᠫᠥᠸᠧ ᠰᠢᠶᠠᠩ ᠪᠤᠯᠤᠨ ᠹᠧᠩ ᠱᠦᠢ ᠭᠸᠦ ᠵᠡᠬᠡᠯᠢ ᠭᠤᠳᠤᠮᠵᠢ ᠶᠢᠨ ᠬᠡᠷᠡᠭ ᠭᠠᠵᠠᠷ ᠢ ᠨᠡᠶᠢᠯᠡᠬᠦᠯᠦᠨ᠂ ᠹᠧᠩ | ᠱᠦᠢ ᠭᠸᠦ ᠪᠠᠯᠭᠠᠰᠤ ᠬᠡᠵᠠᠢ᠃ | |