| ᠤᠯᠠᠭᠠᠨᠬᠠᠳᠠ ᠬᠤᠳᠠ ᠶᠢᠨ ᠶᠤᠸᠠᠨ ᠪᠤᠤ ᠱᠠᠨ ᠲᠤᠭᠤᠷᠢᠭ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠵᠡᠭᠦᠨ ᠬᠡᠰᠡᠭ ᠲᠤ ᠪᠠᠶᠢᠷᠢᠰᠢᠵᠤ᠂ ᠤᠯᠠᠭᠠᠨᠬᠠᠳᠠ ᠶᠢᠨ ᠭᠤᠤᠯ ᠬᠤᠳᠠ ᠶᠢᠨ ᠵᠡᠭᠦᠨ ᠡᠮᠦᠨ᠎ᠡ᠂ ᠭᠠᠵᠠᠷ ᠤᠨ | ᠪᠠᠶᠢᠴᠠ ᠨᠢ ᠵᠡᠭᠦᠨᠤᠷᠳᠤᠷᠢᠭ ᠤᠨ 119。03′ —119 °30′᠂ ᠤᠮᠠᠷᠠᠳᠤ ᠦᠷᠭᠡᠷᠢᠭ ᠤᠨ 41。 | 55′— 42 。25′ ᠲᠤ ᠣᠷᠣᠰᠢᠨ᠎ᠠ᠃ ᠭᠠᠵᠠᠷ ᠤᠨ ᠪᠠᠶᠢᠴᠠ ᠨᠢ 努鲁儿虎低山 | ᠲᠣᠪᠣᠷᠬᠠᠭ ᠤᠨ ᠪᠠᠷᠠᠭᠤᠨ ᠪᠤᠯᠤᠨ ᠤᠯᠠᠭᠠᠨᠬᠠᠳᠠ — ᠠᠣᠬᠠᠨ ᠬᠤᠰᠢᠭᠤ ᠶᠢᠨ ᠰᠢᠷ᠎ᠠ ᠬᠦᠷᠦᠰᠦᠳᠦ | ᠲᠤᠪᠤᠷᠬᠠᠭ ᠤᠨ ᠪᠠᠷᠠᠭᠤᠨ ᠬᠠᠵᠠᠭᠤ ᠶᠢᠨ ᠨᠡᠶᠢᠯᠡᠪᠦᠷᠢ᠃ ᠵᠡᠭᠦᠨ ᠲᠠᠯ᠎ᠠ ᠨᠢ ᠯᠤᠤᠬ᠎ᠠ ᠶᠢᠨ ᠭᠤᠤᠯ ᠲᠠᠢ ᠠᠣᠬᠠᠨ | ᠬᠤᠰᠢᠭᠤ ᠪᠤᠯᠤᠨ ᠯᠢᠶᠤᠤᠨᠢᠩ ᠮᠤᠵᠢ ᠶᠢᠨ ᠵᠢᠶᠠᠨ ᠫᠢᠩ ᠰᠢᠶᠠᠨ ᠢᠶᠠᠷ ᠨᠢᠭᠤᠷᠯᠠᠵᠤ᠂ ᠡᠮᠦᠨ᠎ᠡ ᠲᠠᠯ᠎ᠠ ᠪᠠᠷ ᠢᠶᠠᠨ | ᠬᠠᠷᠠᠴᠢᠨ ᠬᠤᠰᠢᠭᠤ᠂ ᠪᠠᠷᠠᠭᠤᠨ ᠬᠤᠶᠢᠰᠢ ᠤᠯᠠᠭᠠᠨᠬᠠᠳᠠ ᠶᠢᠨ ᠬᠤᠩᠱᠠᠨ ᠲᠤᠭᠤᠷᠢᠭ᠂ ᠰᠦᠩᠱᠠᠨ ᠲᠤᠭᠤᠷᠢᠭ | ᠲᠠᠢ ᠤᠭᠳᠤᠯᠤᠯᠴᠠᠵᠤ ᠵᠠᠯᠭᠠᠯᠳᠣᠨᠠ᠃ | ᠶᠤᠸᠠᠨ ᠪᠤᠤ ᠱᠠᠨ ᠲᠤᠭᠤᠷᠢᠭ ᠨᠢ ᠵᠡᠭᠦᠨ ᠬᠤᠶᠢᠳᠦ ᠪᠤᠯᠤᠨ ᠤᠮᠠᠷᠠᠳᠦ ᠶᠢᠨ ᠬᠤᠶᠠᠷ ᠶᠡᠭᠡ ᠠᠵᠤ | ᠠᠬᠤᠢ ᠶᠢᠨ ᠤᠷᠤᠨ ᠤ ᠬᠠᠮᠳᠤᠷᠠᠭᠰᠠᠨ ᠬᠡᠰᠡᠭ ᠲᠤ ᠣᠷᠣᠰᠢᠵᠣ᠂ ᠶᠧ ︵ ᠪᠠᠢ ᠱᠦ᠋︶ ᡂᠢ ︵ ᠹᠧᠩ︶ | ᠲᠡᠮᠦᠷ ᠵᠠᠮ ᠪᠦᠬᠦ ᠲᠤᠭᠤᠷᠢᠭ ᠢ ᠭᠤᠯᠳᠤ ᠪᠠᠷ ᠦᠩᠭᠡᠷᠡᠵᠤ᠂ ᠵᠢᠩ ︵ ᠪᠡᠭᠡᠵᠢᠩ︶᠂ ᠲᠥᠩ ︵ ᠯᠢᠶᠣᠤ︶ | ᠤᠳᠠᠰᠤ ᠨᠢ ᠬᠤᠶᠢᠳᠦ ᠵᠠᠬ᠎ᠠ ᠶᠢ ᠬᠦᠨᠳᠡᠯᠡᠨ ᠢᠶᠠᠷ ᠦᠩᠭᠡᠷᠡᠵᠤ᠂ ᡂᠢ( ᠹᠡᠩ ) ᠴᠣᠣ ︵ ᠶᠠᠩ︶᠂ ᠫᠢᠩ ︵ | ᠵᠤᠸᠠᠩ︶ ᠶᠤᠸᠠᠨ ︵ ᠪᠤᠤ ᠱᠠᠨ︶ ᠵᠠᠰᠠᠮᠠᠯ ᠵᠠᠮ ᠨᠢ ᠡᠮᠦᠨᠡᠰᠢ ᠬᠤᠶᠢᠰᠢ ᠨᠡᠪᠳᠡᠷᠡᠯᠴᠠᠨ᠂ ᠰᠢᠭᠤᠤᠨ ᠪᠡᠭᠡᠵᠢᠩ | ᠬᠤᠳᠠ᠂ ᠲᠢᠶᠠᠨᠵᠢᠩ ᠵᠢᠴᠢ ᠵᠡᠭᠦᠨ ᠬᠤᠶᠢᠳᠦ ᠶᠢᠨ ᠡᠯ᠎ᠡ ᠶᠡᠭᠡ ᠲᠤᠮᠳᠠ ᠵᠡᠷᠭᠡ ᠶᠢᠨ ᠬᠤᠳᠠ ᠪᠤᠯᠤᠨ ᠨᠡᠭᠡᠭᠡᠯᠲᠡ | ᠲᠠᠢ ᠤᠯᠤᠰ ᠤᠨ ᠡᠬᠦᠳᠡᠨ ᠳᠤ ᠬᠦᠷᠴᠦ ᠲᠡᠶᠢᠯᠦᠨ᠎ᠡ᠃ ᠶᠤᠸᠠᠨ ᠪᠤᠤ ᠱᠠᠨ ᠲᠤᠭᠤᠷᠢᠭ ᠤᠨ ᠠᠷᠠᠳ ᠤᠨ ᠵᠠᠰᠠᠭ ᠤᠨ | ᠤᠷᠳᠤᠨ ᠨᠢ ᠫᠢᠩᠵᠣᠸᠠᠩ ᠪᠠᠯᠭᠠᠰᠤᠨ ᠳᠤ ᠰᠠᠭᠤᠷᠢᠰᠢᠵᠤ ᠤᠯᠠᠭᠠᠨᠬᠠᠳᠠ ᠬᠤᠳᠠ ᠶᠢᠨ ᠠᠷᠠᠳ ᠤᠨ ᠵᠠᠰᠠᠭ ᠤᠨ | ᠤᠷᠳᠤᠨ ᠠᠴᠠ ᠲᠠᠪᠢᠨ ᠭᠠᠵᠠᠷ ᠵᠠᠶᠢᠳᠠᠢ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ | ᠵᠠᠰᠠᠭ ᠤᠨ ᠤᠷᠳᠤᠨ ᠤ ᠰᠠᠭᠤᠷᠢᠰᠢᠯ ᠬᠦᠬᠡᠬᠤᠳᠠ ᠠᠴᠠ 670 ᠺᠢᠯᠤᠮᠧᠲᠷ ᠵᠠᠶᠢᠳᠠᠢ᠂ ᠨᠡᠶᠢᠰᠯᠡᠯ ᠪᠡᠭᠡᠵᠢᠩ ᠠᠴᠠ | 486 ᠺᠢᠯᠤᠮᠧᠲᠷ ᠵᠠᠶᠢᠳᠠᠢ᠂ ᠯᠢᠶᠤᠤᠨᠢᠩ ᠮᠤᠵᠢ ᠶᠢᠨ ᠮᠦᠭᠳᠦᠨ ᠬᠤᠳᠠ ᠠᠴᠠ 500 ᠺᠢᠯᠤᠮᠧᠲᠷ᠂ ᠵᠢᠨᠵᠸᠦ | ᠬᠤᠳᠠ ᠠᠴᠠ 330 ᠺᠢᠯᠤᠮᠧᠲᠷ ᠵᠠᠶᠢᠳᠠᠢ᠂ ᠾᠧᠪᠸᠢ ᠮᠤᠵᠢ ᠶᠢᠨ ᠴᠧᠩᠳᠧ ᠬᠤᠳᠠ ᠠᠴᠠ 260 ᠺᠢᠯᠤᠮᠧᠲᠷ | ᠵᠠᠶᠢᠳᠠᠢ᠃ | ᠵᠸᠣ ᠵᠢᠶᠧ ᠲᠣᠰᠬᠤᠨ ᠤ ᠲᠠᠷᠬᠠᠯᠲᠠ ᠶᠢᠨ ᠪᠠᠶᠢᠳᠠᠯ᠄ ᠵᠡᠭᠦᠨ ᠬᠤᠶᠢᠰᠢ ᠲᠠᠷᠬᠠᠯᠳᠠ ᠨᠢ ᠫᠢᠩᠵᠦᠸᠠᠩ | ᠪᠠᠯᠭᠠᠰᠣᠨ ᠤ ᠱᠠᠨᠽᠦ᠋ᠢ ᠽᠢ ᠲᠣᠰᠬᠤᠨ ᠠᠴᠠ ᠡᠬᠢᠯᠡᠨ ᠫᠢᠩᠵᠣᠸᠠᠩ ᠪᠠᠯᠭᠠᠰᠣᠨ ᠤ ᠳ᠋ᠠ ᠰᠠᠨ ᠵᠢᠶᠠ᠂ ᠭᠦ᠋ | ᠱᠠᠨ ᠽᠢ᠂ ᠰᠢᠶᠠ ᠬᠤᠸᠠᠩ᠂ ᠠᠣᠬᠠᠨ ᠬᠤᠰᠢᠭᠤ ᠶᠢᠨ ᠸᠧ ᠫᠦ᠋᠂ ᠳ᠋ᠥᠩ ᠯᠢᠦ ᠵᠢᠶᠠ ᠲᠣᠰᠬᠤᠨ ︔ ᠪᠠᠷᠠᠭᠤᠨ | ᠬᠤᠶᠢᠰᠢ ᠲᠠᠷᠬᠠᠯᠳᠠ ᠨᠢ ᠯᠣᠤᠬ᠎ᠠ ᠶᠢᠨ ᠭᠤᠣᠯ ᠢ ᠲᠠᠭᠠᠵᠣ᠂ ᠮᠣᠬᠤᠷᠭᠤᠣᠯ ᠪᠠᠯᠭᠠᠰᠣ ᠶᠢᠨ ᠽᠢ ᠵᠢᠶᠠ᠂ ᠡᠮᠦᠨᠡᠲᠦ | ᠮᠣᠬᠤᠷᠭᠤᠣᠯ᠂ ᠬᠤᠶᠢᠲᠣ ᠮᠣᠬᠤᠷᠭᠤᠣᠯ ᠂ ᠴᠢᠩ ᠱᠠᠨ ᠲᠣᠰᠬᠤᠨ ︔ ᠳᠠᠬᠢᠨ ᠵᠡᠭᠦᠨ ᠬᠤᠶᠢᠰᠢ ᠲᠠᠷᠬᠠᠯᠳᠠ | ᠨᠢ ᠶᠣᠸᠠᠨ ᠪᠣᠣ ᠱᠠᠨ ᠪᠠᠯᠭᠠᠰᠣ ᠶᠢᠨ ᠢᠦᠢ ᠬᠤᠸᠠᠩ᠂ ᠸᠠᠩ ᠵᠢᠶᠠ ᠳ᠋ᠢᠶᠠᠨ᠂ ᠨᠠᠨ ᠮᠢᠶᠣᠣ ᠵᠢᠴᠢ ᠹᠧᠩ ᠱᠦᠢ | ᠭᠸᠦ ᠪᠠᠯᠭᠠᠰᠣᠨ ᠤ ᠰᠢᠩ ᠯᠦᠩ ᠫᠥᠸᠧ᠂ ᠵᠣᠸᠠᠩ ᠲᠸᠣ ᠶᠢᠩᠽᠢ᠂ ᠬᠠᠷᠠᠮᠣᠳᠣ᠂ ᠳ᠋ᠠ ᠪᠧᠢ ᠬᠠᠢ ᠲᠣᠰᠬᠤᠨ ᠢ | ᠪᠠᠭᠲᠠᠭᠠᠵᠠᠢ᠃ ᠭᠠᠵᠠᠷ ᠤᠨ ᠪᠠᠶᠢᠴᠠ ᠨᠢ ᠭᠤᠣᠯ ᠵᠢᠯᠠᠭ᠎ᠠ ᠲᠡᠭᠰᠢ ᠲᠠᠯ᠎ᠠ ᠪᠠᠷ ᠪᠦᠷᠢᠯᠳᠦᠵᠦ᠂ ᠳᠠᠯᠠᠢ ᠶᠢᠨ | ᠲᠦᠪᠰᠢᠨ ᠠᠴᠠ ᠲᠡᠭᠡᠭᠡᠰᠢ 600~700 ᠮᠧᠲᠷ ᠤᠨ ᠬᠤᠭᠤᠷᠣᠨᠳᠦ ᠪᠠᠶᠢᠵᠣ᠂ ᠪᠠᠷᠠᠭᠤᠨ ᠬᠤᠶᠢᠲᠣ ᠶᠢᠨ | ᠲᠣᠮᠳᠠ ᠬᠡᠰᠡᠭ ᠨᠢ ᠴᠢᠯᠠᠭᠤᠲᠣ ᠠᠭᠤᠯᠠᠨ ᠨᠢᠷᠤᠭᠤᠨ ᠤ ᠵᠡᠭᠦᠨ᠂ ᠪᠠᠷᠠᠭᠤᠨ ᠶᠣᠸᠠᠨ ᠪᠣᠣ ᠱᠠᠨ ᠰᠠᠯᠪᠤᠷᠢ | ᠨᠢᠷᠤᠭᠤᠨ ᠳᠤ ᠡᠵᠡᠮᠰᠢᠭᠳᠡᠵᠦ᠂ ᠶᠡᠭᠡ ᠲᠦᠯᠦᠪ ᠵᠡᠭᠦᠨ ᠬᠤᠶᠢᠲᠣ ᠠᠴᠠ ᠪᠠᠷᠠᠭᠤᠨ ᠡᠮᠦᠨᠡᠰᠢ ᠵᠡᠭᠦᠨ ᠶᠣᠸᠠᠨ ᠪᠣᠣ | ᠱᠠᠨ᠂ ᠣᠪᠣᠭᠠᠲᠣ ᠠᠭᠤᠯᠠ᠂ ᠪᠠᠷᠠᠭᠤᠨ ᠶᠣᠸᠠᠨ ᠪᠣᠣ ᠱᠠᠨ᠂ ᠲᠡᠮᠡᠭᠡᠲᠦ ᠠᠭᠤᠯᠠ ᠂ ᠶᠣᠸᠠᠨ ᠶᠣᠸᠠᠨ ᠱᠠᠨ ᠢ | ᠳᠠᠭᠠᠵᠣ᠂ ᠶᠣᠸᠠᠨ ᠪᠣᠣ ᠱᠠᠨ ᠪᠠᠯᠭᠠᠰᠣᠨ ᠤ ᠴᠠᠩ ᠱᠧᠩ᠂ ᠽᠢ ᠾᠧ᠂ ᠮᠤᠳᠤᠳᠤ ᠭᠤᠤ᠂ ᠮᠠ ᠵᠢᠶᠠ ᠽᠢ᠂ ᠽᠢ | ᠳ᠋ᠣᠣ ᠵᠢᠩ ᠽᠢ᠂ ᠶᠡᠭᠡ ᠲᠠᠪᠤᠬᠤᠰᠣ ᠲᠣᠰᠬᠤᠨ᠂ ᠮᠣᠬᠤᠷᠭᠤᠣᠯ ᠪᠠᠯᠭᠠᠰᠣᠨ ᠤ ᠰᠢᠨ ᠵᠢᠩ ᠽᠢ᠂ ᠰᠢᠶᠧ ᠵᠢᠶᠠ | ᠶᠢᠩᠽᠢ᠂ ᠳ᠋ᠠ ᠶᠢᠨ ᠭᠸᠦ ᠲᠤᠰᠬᠤᠨ᠂ ᠫᠢᠩᠵᠣᠸᠠᠩ ᠪᠠᠯᠭᠠᠰᠣ ᠶᠢᠨ ᠰᠢᠩ ᠯᠦᠩ ᠵᠣᠸᠠᠩ᠂ ᠮᠠ ᠵᠢᠶᠠ ᠽᠢ | ᠲᠣᠰᠬᠤᠨ ᠨᠤᠭᠤᠳ ᠲᠠᠷᠬᠠᠨ ᠪᠠᠶᠢᠷᠢᠰᠢᠨ᠎ᠠ᠃ ᠭᠠᠵᠠᠷ ᠤᠨ ᠪᠠᠶᠢᠴᠠ ᠨᠢ ᠲᠤᠤᠷ᠎ᠠ ᠠᠭᠤᠯᠠᠷᠬᠠᠭ ᠭᠠᠵᠠᠷ ᠢᠶᠠᠷ | ᠭᠤᠣᠯᠯᠠᠵᠣ ᠂ ᠲᠠᠯᠠᠢ ᠶᠢᠨ ᠲᠦᠪᠰᠢᠨ ᠠᠴᠠ 600~1000 ᠮᠧᠲᠷ ᠤᠨ ᠬᠤᠭᠤᠷᠣᠨᠳᠣ ᠪᠠᠶᠢᠨ᠎ᠠ᠃ ᠬᠤᠶᠢᠲᠣ | ᠬᠡᠰᠡᠭ ᠲᠤ ᠶᠣᠸᠠᠨ ᠪᠣᠣ ᠱᠠᠨ ᠪᠠᠯᠭᠠᠰᠣᠨ ᠤ ᠴᠠᠩ ᠱᠧᠩ ᠲᠣᠰᠬᠤᠨ ᠠᠴᠠ ᠵᠡᠭᠦᠨ ᠬᠤᠶᠢᠰᠢ ᠹᠧᠩ ᠱᠦᠢ ᠭᠸᠦ | ᠪᠠᠯᠭᠠᠰᠣ ᠶᠢᠨ ᠰᠢᠩ ᠯᠦᠩ ᠫᠥᠸᠧ᠂ ᠰᠢᠶᠠ ᠺᠠᠨ ᠽᠢ᠂ ᠹᠧᠩ ᠱᠦᠢ ᠭᠸᠦ ᠲᠣᠰᠬᠤᠨ ᠲᠠᠷᠬᠠᠨ ᠪᠠᠶᠢᠷᠢᠰᠢᠨ᠎ᠠ᠃ | ᠡᠮᠦᠨ᠎ᠡ ᠬᠡᠰᠡᠭ ᠨᠢ ᠡᠮᠦᠨ᠎ᠡ ᠠᠴᠠ ᠬᠤᠶᠢᠰᠢ ᠵᠦᠭ ᠲᠠᠷᠠᠭᠠᠯᠠᠪᠠᠯ ᠦᠵᠢᠶᠠ ᠪᠠᠯᠭᠠᠰᠤ ᠶᠢᠨ ᠵᠢᠨᠴᠢᠶᠣᠣ᠂ ᠪᠧᠢ | ᠲᠠᠢ ᠽᠢ᠂ ᠸᠠᠩ ᠭᠠᠨ ᡂᠢ ᠲᠤᠰᠬᠤᠨ᠂ ᠫᠢᠩᠵᠦᠸᠠᠩ ᠪᠠᠯᠭᠠᠰᠤ ᠶᠢᠨ ᠮᠤᠤ ᠵᠢᠶᠠ᠂ ᠴᠢᠶᠠᠨ ᠴᠢ ᠵᠢᠶᠠ᠂ ᠯᠢᠩ | ᠱᠠᠩ᠂ ᠰᠢᠨ ᠹᠠᠩ ᠱᠧᠨ ᠲᠤᠰᠬᠤᠨ᠂ ᠮᠣᠬᠤᠷᠭᠤᠣᠯ ᠪᠠᠯᠭᠠᠰᠤ ᠶᠢᠨ ᠱᠢ ᠯᠢᠶᠣᠤ ᠵᠢᠶᠠ᠂ ᠭᠦᠩ ᠯᠦ ᠠᠶᠢᠯ᠂ | ᠽᠢ ᠵᠢᠶᠠ ᠲᠤᠰᠬᠤᠨ ᠲᠠᠷᠬᠠᠵᠣ ᠂ ᠭᠠᠵᠠᠷ ᠤᠨ ᠪᠠᠶᠢᠳᠠᠯ ᠨᠢ ᠨᠠᠯᠠᠤᠬᠠᠨ ᠲᠡᠭᠰᠢᠷᠡᠮᠡᠭ᠃ | ᠬᠠᠮᠤᠭ ᠬᠤᠶᠢᠨ᠎ᠠ ᠲᠠᠯ᠎ᠠ ᠨᠢ ᠹᠡᠩ ᠱᠦᠢ ᠭᠸᠦ ᠪᠠᠯᠭᠠᠰᠤ ᠶᠢᠨ ᠰᠢᠶᠠ ᠺᠠᠨᠽᠢ ᠲᠤᠰᠬᠤᠨ᠂ ᠬᠠᠮᠤᠭ | ᠡᠮᠦᠨ᠎ᠡ ᠲᠠᠯ᠎ᠠ ᠨᠢ ᠦᠵᠢᠶᠠ ᠪᠠᠯᠭᠠᠰᠤ ᠶᠢᠨ ᠵᠢᠨᠴᠢᠶᠣᠣ ᠲᠤᠰᠬᠤᠨ᠂ ᠬᠠᠮᠤᠭ ᠪᠠᠷᠠᠭᠤᠨ ᠲᠠᠯ᠎ᠠ ᠨᠢ ᠶᠤᠸᠠᠨ | ᠪᠤᠤ ᠱᠠᠨ ᠪᠠᠯᠭᠠᠰᠤ ᠶᠢᠨ ᠽᠢ ᠳ᠋ᠤᠤ ᠵᠢᠩᠽ ᠲᠤᠰᠬᠤᠨ᠂ ᠬᠠᠮᠤᠭ ᠵᠡᠭᠦᠨ ᠲᠠᠯ᠎ᠠ ᠨᠢ ᠹᠡᠩ ᠱᠦᠢ ᠭᠸᠥ | ᠪᠠᠯᠭᠠᠰᠤ ᠶᠢᠨ ᠳ᠋ᠠ ᠪᠸᠢ ᠬᠠᠢ ᠲᠤᠰᠬᠤᠨ᠃ | ᠶᠤᠸᠠᠨ ᠪᠤᠤ ᠱᠠᠨ ᠲᠤᠭᠤᠷᠢᠭ ᠤᠨ ᠪᠦᠬᠦ ᠲᠠᠯᠠᠪᠠᠢ ᠨᠢ 952.14 ᠲᠡᠭᠰᠢ ᠲᠦᠷᠪᠡᠯᠵᠢᠨ ᠺᠢᠯᠤᠮᠧᠲᠷ᠂ | ᠡᠮᠦᠨ᠎ᠡ ᠬᠤᠶᠢᠰᠢ ᠵᠢᠭᠳᠡ ᠪᠤᠰᠤ ᠬᠠᠪᠴᠢᠮᠠᠯ ᠲᠦᠷᠰᠦ ᠲᠠᠢ᠂ ᠡᠮᠦᠨ᠎ᠠ ᠬᠤᠶᠢᠰᠢ ᠬᠠᠮᠤᠭ ᠤᠷᠳᠦ ᠨᠢ 56 | ᠺᠢᠯᠤᠮᠧᠲᠷ᠂ ᠵᠡᠭᠦᠨ ᠪᠠᠷᠠᠭᠤᠨᠰᠢ ᠬᠠᠮᠤᠭ ᠦᠷᠭᠡᠨ ᠨᠢ 39 ᠺᠢᠯᠤᠮᠧᠲᠷ ᠪᠠᠶᠢᠳᠠᠭ᠃ | |