ᠹᠧᠩ ᠱᠦᠢ ᠭᠸᠥ ᠪᠠᠯᠭᠠᠰᠤ | | ᠹᠧᠩ ᠱᠦᠢ ᠭᠸᠥ ᠪᠠᠯᠭᠠᠰᠤ ᠨᠢ ᠶᠤᠸᠠᠨ ᠪᠣᠤ ᠱᠠᠨ ᠲᠣᠭᠤᠷᠢᠭ ᠤᠨ ᠵᠡᠭᠦᠨ ᠬᠤᠶᠢᠲᠤ ᠬᠡᠰᠡᠭ ᠲᠤ | ᠪᠠᠶᠢᠷᠢᠯᠠᠵᠤ᠂ ᠵᠡᠭᠦᠨ ᠪᠡᠶ᠎ᠡ ᠪᠠᠷ ᠢᠶᠠᠨ ᠰᠥᠩᠱᠠᠨ ᠲᠣᠭᠤᠷᠢᠭ ᠤᠨ ᠲᠠᠢ ᠫᠢᠩ ᠳ᠋ᠢ ᠪᠠᠯᠭᠠᠰᠤ ᠲᠠᠢ ᠵᠠᠯᠭᠠᠯᠳᠤᠨ᠂ | ᠪᠠᠷᠠᠭᠤᠨ ᠲᠠᠯ᠎ᠠ ᠪᠠᠷ ᠢᠶᠠᠨ ᠶᠤᠸᠠᠨ ᠪᠣᠤ ᠱᠠᠨ ᠪᠠᠯᠭᠠᠰᠤ ᠲᠠᠢ ᠢᠩᠭᠡ ᠶᠢᠨ ᠭᠤᠣᠯ ᠢᠶᠠᠷ ᠵᠠᠭᠠᠭᠯᠠᠵᠤ᠂ ᠤᠮᠠᠷ᠎ᠠ | ᠵᠠᠬ᠎ᠠ ᠳᠤ ᠰᠦᠩᠱᠠᠨ ᠲᠣᠭᠤᠷᠢᠭ ᠤᠨ ᠠᠩᠴᠢᠠᠭᠤᠤ ᠪᠠᠯᠭᠠᠰᠤ ᠲᠠᠢ ᠬᠥᠷᠰᠢᠯᠡᠨ᠂ ᠡᠮᠦᠨᠡᠭᠦᠷ ᠢᠶᠠᠨ ᠯᠢᠶᠣᠤᠨᠢᠩ | ᠮᠤᠵᠢ ᠶᠢᠨ ᠵᠢᠶᠠᠨᠫᠢᠩ ᠰᠢᠶᠠᠨ ᠲᠠᠢ ᠭᠤᠣᠯ ᠠᠯᠤᠰᠯᠠᠨ ᠨᠢᠭᠤᠷᠯᠠᠵᠤ ᠪᠠᠶᠢᠳᠠᠭ᠃ ᠳᠠᠯᠠᠢ ᠶᠢᠨ ᠲᠦᠪᠰᠢᠨ ᠠᠴᠠ | ᠳᠡᠭᠡᠭᠰᠢ 470 — 500 ᠮᠧᠲᠷ ᠤᠨ ᠬᠤᠭᠤᠷᠣᠨᠳᠤ ᠪᠣᠢ᠃ | ᠪᠦᠬᠦ ᠪᠠᠯᠭᠠᠰᠤ ᠶᠢᠨ ᠶᠡᠷᠦᠩᠬᠡᠢ ᠭᠠᠵᠠᠷ ᠰᠢᠷᠣᠢ ᠶᠢᠨ ᠲᠠᠯᠠᠪᠠᠢ 128.6 ᠲᠡᠭᠰᠢ ᠳᠥᠷᠪᠡᠯᠵᠢᠨ ᠺᠢᠯᠣᠮᠧᠲᠷ᠂ | ᠲᠠᠷᠢᠶᠠᠨ ᠭᠠᠵᠠᠷ ᠤᠨ ᠲᠠᠯᠠᠪᠠᠢ 41856 ᠮᠤ᠋ ᠪᠠᠶᠢᠳᠠᠭ᠃ ᠪᠠᠯᠭᠠᠰᠤ ᠶᠢᠨ ᠬᠠᠷᠢᠶᠠᠨ ᠳᠤ 7 ᠲᠣᠰᠬᠤᠨ ᠤ ᠵᠥᠪᠯᠡᠯ᠂ | 4 ᠰᠠᠭᠤᠭᠠᠯᠢ ᠠᠷᠠᠳ ᠤᠨ ᠵᠥᠪᠯᠡᠯ᠂ 35 ᠲᠣᠰᠬᠤᠨ ᠤ ᠪᠠᠭ᠎ᠠ ᠳᠤᠭᠤᠶᠢᠯᠠᠩ ᠲᠠᠢ᠂ 6268 ᠡᠷᠦᠬᠡ᠂ | 19631 ᠬᠥᠮᠥᠨ ᠠᠮᠠ ᠲᠠᠢ ᠪᠠᠶᠢᠵᠤ᠂ ᠡᠭᠦᠨ ᠤ ᠳᠣᠲᠣᠷ᠎ᠠ ᠲᠠᠷᠢᠶᠠᠯᠠᠩ ᠤᠨ ᠪᠤᠰᠤ ᠡᠷᠦᠬᠡ ᠠᠮᠠ ᠲᠠᠢ ᠨᠢ | 6595 ᠬᠥᠮᠥᠨ ᠪᠣᠢ᠃ ᠠᠭᠤᠷᠬᠠᠢ ᠶᠢᠨ ᠲᠣᠭᠤᠷᠢᠭ ᠲᠤ 1831 ᠡᠷᠦᠬᠡ᠂ 5367 ᠬᠥᠮᠥᠨ ᠠᠮᠠ ᠲᠠᠢ᠂ | ᠶᠡᠷᠦᠩᠬᠡᠢ ᠲᠠᠯᠠᠪᠠᠢ 2 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ ᠭᠤᠣᠯ ᠵᠡᠭᠡᠯᠢ 1 ᠵᠤᠷᠪᠤᠰ᠂ ᠪᠠᠷᠤᠭ 1 | ᠺᠢᠯᠣᠮᠧᠲᠷ ᠪᠠᠶᠢᠳᠠᠭ᠃ | 1984 ᠣᠨ ᠤ 3 ᠰᠠᠷ᠎ᠠ ᠳᠤ᠂ ᠤᠤᠯ ᠤᠨ ᠰᠢᠩ ᠯᠦᠩ ᠫᠥᠸᠧ ᠲᠣᠰᠬᠤᠨ ᠤ ᠰᠠᠭᠤᠷᠢᠨ ᠳᠡᠭᠡᠷ᠎ᠡ | ᠶᠤᠸᠠᠨ ᠪᠣᠤ ᠱᠠᠨ ᠲᠣᠭᠤᠷᠢᠭ ᠤᠨ ᠰᠢᠩ ᠯᠦᠩ ᠫᠥᠸᠧ ᠰᠢᠶᠠᠩ ᠢ ᠪᠠᠶᠢᠭᠤᠯᠪᠠ᠃ 1986 ᠣᠨ ᠤ 8 | ᠰᠠᠷ᠎ᠠ ᠶᠢᠨ 25 ᠤ ᠡᠳᠦᠷ᠂ ᠰᠢᠩ ᠯᠦᠩ ᠫᠥᠸᠧ ᠲᠣᠰᠬᠤᠨ ᠠᠴᠠ ᠵᠤᠸᠠᠩ ᠲᠸᠦ ᠶᠢᠩᠽᠢ ᠲᠣᠰᠬᠤᠨ ᠰᠠᠯᠪᠤᠷᠢᠯᠠᠨ | ᠭᠠᠷᠴᠤ᠂ ᠹᠧᠩ ᠱᠦᠢ ᠭᠸᠥ ᠲᠣᠰᠬᠤᠨ ᠠᠴᠠ ᠵᠠᠨ ᠵᠢᠶᠠ ᠸᠧ ᠫᠦ᠋ ᠲᠣᠰᠬᠤᠨ ᠰᠠᠯᠪᠤᠷᠢᠯᠠᠨ ᠭᠠᠷᠴᠠᠢ᠃ 1987 | ᠣᠨ ᠤ 7 ᠰᠠᠷ᠎ᠠ ᠶᠢᠨ 22 ᠤ ᠡᠳᠦᠷ᠂ ᠰᠢᠩ ᠯᠦᠩ ᠫᠥᠸᠧ ᠰᠢᠶᠠᠩ ᠬᠢᠭᠡᠳ ᠹᠧᠩ ᠱᠦᠢ ᠭᠸᠥ ᠵᠡᠭᠡᠯᠢ | ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠢ ᠨᠢᠭᠡᠳᠬᠡᠨ ᠹᠧᠩ ᠱᠦᠢ ᠭᠸᠥ ᠪᠠᠯᠭᠠᠰᠤ ᠪᠣᠯᠭᠠᠪᠠ᠃ | ᠪᠡᠭᠡᠵᠢᠩ ᠠᠴᠠ ᠲᠦᠩᠯᠢᠶᠣᠣ ᠬᠦᠷᠬᠦ ᠤᠯᠤᠰ ᠤᠨ ᠲᠡᠮᠦᠷ ᠵᠠᠮ ᠲᠣᠰ ᠪᠠᠯᠭᠠᠰᠤ ᠶᠢᠨ ᠰᠢᠶᠠ ᠺᠠᠨ ᠽᠢ᠂ ᠵᠠᠨ | ᠵᠢᠶᠠ ᠸᠧ ᠫᠦ᠋᠂ ᠵᠤᠸᠠᠩ ᠲᠸᠦ ᠶᠢᠩᠽᠢ᠂ ᠬᠠᠷᠠᠮᠣᠳᠣ᠂ ᠳ᠋ᠠ ᠪᠧᠢ ᠬᠠᠢ ᠵᠡᠷᠭᠡ 5 ᠲᠣᠰᠬᠤᠨ ᠢᠶᠠᠷ ᠥᠩᠭᠡᠷᠡᠵᠦ | ᠪᠠᠶᠢᠳᠠᠭ᠃ 1975 ᠣᠨ ᠳᠤ᠂ ᠬᠠᠷᠠᠮᠣᠳᠣ ᠲᠣᠰᠬᠤᠨ ᠳᠤ 1462 ᠮᠧᠲᠷ ᠤᠷᠲᠤ᠂ ᠯᠣᠤ ᠬᠠ ᠭᠤᠣᠯ ᠤᠨ | ᠡᠮᠦᠨ᠎ᠡ ᠤᠮᠠᠷ᠎ᠠ ᠶᠢ ᠰᠤᠨᠳᠠᠯᠠᠭᠰᠠᠨ ᠬᠤᠶᠠᠳᠤᠭᠠᠷ ᠳᠡᠰ ᠤᠨ ᠲᠡᠮᠦᠷ ᠵᠠᠮ ᠤᠨ ᠶᠡᠭᠡ ᠬᠥᠭᠦᠷᠭᠡ ᠶᠢ ᠪᠠᠶᠢᠭᠤᠯᠵᠤ᠂ | ᠨᠢᠭᠡ ᠵᠡᠪᠰᠡᠭᠲᠦ ᠴᠠᠭᠳᠠᠭ᠎ᠠ ᠶᠢᠨ ᠳᠤᠮᠳᠠ ᠠᠩᠭᠢ ᠰᠠᠬᠢᠨ ᠬᠠᠮᠠᠭᠠᠯᠠᠵᠤ ᠪᠣᠢ᠃ ᠪᠠᠯᠭᠠᠰᠤ ᠶᠢᠨ ᠬᠢᠯᠢ ᠳᠠᠬᠢ ᠰᠢᠶᠠᠩ | ᠳᠡᠰ ᠤᠨ ᠵᠠᠰᠠᠮᠠᠯ ᠵᠠᠮ ᠳᠥᠷᠪᠡᠨ ᠵᠦᠭ ᠨᠠᠢᠮᠠᠨ ᠵᠣᠪᠬᠢᠰ ᠲᠤ ᠨᠡᠪᠲᠡᠷᠡᠨ᠂ ᠤᠯᠠᠭᠠᠨᠬᠠᠳᠠ ᠠᠴᠠ ᠶᠤᠸᠠᠨ ᠪᠣᠤ ᠱᠠᠨ | ᠬᠦᠷᠬᠦ᠂ ᠤᠯᠠᠭᠠᠨᠬᠠᠳᠠ ᠠᠴᠠ ᠴᠣᠣᠶᠠᠩ ᠬᠦᠷᠬᠦ ᠵᠠᠰᠠᠮᠠᠯ ᠵᠠᠮ ᠪᠠ 111 ᠤᠯᠤᠰ ᠤᠨ ᠵᠠᠮ ᠲᠠᠢ ᠨᠡᠪᠲᠡᠷᠡᠵᠦ | ᠪᠠᠶᠢᠳᠠᠭ᠃ ᠮᠡᠳᠡᠭᠡ ᠬᠠᠷᠢᠯᠴᠠᠭᠠᠨ ᠤ ᠲᠣᠣᠷ ᠲᠡᠭᠦᠯᠳᠡᠷᠵᠢᠵᠦ᠂ ᠷᠠᠳᠢᠤ᠋᠂ ᠲᠧᠯᠸᠢᠰ ᠨᠡᠪᠲᠡᠷᠡᠭᠦᠯᠭᠡ ᠴᠥᠮ | ᠰᠦᠯᠵᠢᠶᠡᠨ ᠳᠤ ᠨᠡᠪᠲᠡᠷᠡᠨ᠂ ᠡᠵᠡᠮᠰᠢᠯᠲᠦ ᠤᠲᠠᠰᠤ ᠲᠣᠰᠬᠤᠨ ᠤ ᠡᠷᠦᠬᠡ ᠳᠤ ᠲᠦᠭᠡᠮᠡᠯᠵᠢᠪᠡ᠃ | ᠰᠢᠶᠠᠩ ᠪᠠᠯᠭᠠᠰᠤᠨ ᠤ ᠠᠵᠤ ᠠᠬᠤᠶᠢᠯᠠᠯ ᠨᠡᠭᠦᠷᠡᠰᠦᠨ ᠦᠢᠯᠡᠰ ᠢᠶᠠᠷ ᠲᠣᠯᠣᠭᠠᠶᠢᠯᠠᠭᠤᠯᠤᠨ᠂ ᠪᠠᠷᠢᠯᠭ᠎ᠠ ᠶᠢᠨ | ᠦᠢᠯᠡᠰ᠂ ᠵᠠᠮ ᠲᠡᠭᠡᠭᠡᠪᠦᠷᠢ᠂ ᠮᠠᠰᠢᠨ ᠲᠣᠨᠤᠭ ᠤᠨ ᠦᠢᠯᠡᠳᠪᠦᠷᠢᠯᠡᠯ᠂ ᠮᠣᠳᠣᠨ ᠮᠠᠲ᠋ᠧᠷᠢᠶᠠᠯ ᠤᠨ | ᠪᠣᠯᠪᠠᠰᠤᠷᠠᠭᠤᠯᠤᠯᠲᠠ᠂ ᠠᠷᠠᠯᠵᠢᠶ᠎ᠠ ᠬᠤᠳᠠᠯᠳᠤᠭ᠎ᠠ᠂ ᠢᠳᠡᠭᠡᠨ ᠤᠮᠳᠠᠭᠠᠨ᠂ ᠦᠢᠯᠡᠴᠢᠯᠡᠭᠡᠨ ᠤ ᠦᠢᠯᠡᠰ ᠲᠣᠭᠲᠠᠭᠤᠨ | ᠬᠥᠭᠵᠢᠯᠲᠡ ᠲᠠᠢ᠃ ᠪᠠᠯᠭᠠᠰᠤᠨ ᠳᠤ ᠫᠢᠩᠵᠤᠸᠠᠩ ᠤᠨ ᠨᠡᠭᠦᠷᠡᠰᠦᠨ ᠦᠢᠯᠡᠰ ᠤᠨ ᠪᠦᠯᠦᠭᠯᠡᠯ ᠤᠨ ᠹᠧᠩ ᠱᠦᠢ ᠭᠸᠥ | ᠨᠡᠭᠦᠷᠡᠰᠦᠨ ᠠᠭᠤᠷᠬᠠᠢ᠂ ᠯᠣᠤ ᠭᠦᠩ ᠶᠢᠩᠽᠢ ᠨᠡᠭᠦᠷᠡᠰᠦᠨ ᠠᠭᠤᠷᠬᠠᠢ᠂ ᠰᠦᠩᠱᠠᠨ ᠲᠣᠭᠤᠷᠢᠭ ᠤᠨ ᠳ᠋ᠠ ᠹᠧᠩ | ᠱᠦᠢ ᠭᠸᠥ ᠨᠡᠭᠦᠷᠡᠰᠦᠨ ᠠᠭᠤᠷᠬᠠᠢ᠂ ᠠᠩᠴᠢᠠᠭᠤᠤ ᠨᠡᠭᠦᠷᠡᠰᠦᠨ ᠠᠭᠤᠷᠬᠠᠢ ᠪᠠ ᠭᠤᠷᠪᠠᠨ ᠪᠠᠯᠭᠠᠰᠤ ᠳᠡᠰ ᠤᠨ | ᠨᠡᠭᠦᠷᠡᠰᠦᠨ ᠠᠭᠤᠷᠬᠠᠢ ᠲᠠᠢ᠃ | ᠪᠠᠯᠭᠠᠰᠤᠨ ᠤ ᠭᠠᠵᠠᠷ ᠤᠨ ᠪᠠᠶᠢᠷᠢᠯᠠᠯ ᠨᠢ ᠯᠤᠣ ᠬᠠ ᠭᠤᠣᠯ ᠪᠠ ᠢᠩᠭᠡ ᠶᠢᠨ ᠭᠤᠣᠯ ᠤᠨ ᠤᠷᠤᠰᠬᠠᠯ ᠨᠡᠶᠢᠯᠡᠭᠰᠡᠨ | ᠭᠤᠷᠪᠠᠯᠵᠢᠨ ᠬᠡᠰᠡᠭ ᠲᠤ ᠣᠷᠣᠰᠢᠵᠤ᠂ ᠭᠠᠵᠠᠷ ᠰᠢᠷᠣᠢ ᠥᠩᠭᠡ ᠰᠢᠮᠡᠯᠢᠭ᠂ ᠠᠭᠠᠷ ᠤᠨ ᠳᠤᠯᠠᠭᠠᠨ ᠲᠣᠬᠢᠷᠠᠮᠵᠢᠲᠠᠢ | ᠪᠠᠶᠢᠵᠤ ᠲᠠᠷᠢᠶᠠᠯᠠᠩ ᠮᠠᠯ ᠠᠵᠤ ᠠᠬᠤᠢ ᠶᠢ ᠬᠥᠭᠵᠢᠭᠦᠯᠬᠦ ᠳᠤ ᠤᠯᠠᠨ ᠠᠴᠠ ᠳᠠᠪᠠᠭᠤᠯᠢᠭ ᠪᠠᠶᠢᠭᠠᠯᠢ ᠶᠢᠨ ᠨᠥᠬᠦᠴᠡᠯ | ᠲᠠᠢ᠃ ᠪᠦᠬᠦ ᠪᠠᠯᠭᠠᠰᠤᠨ ᠳᠤ 5 ᠰᠠᠭᠠᠯᠢ ᠶᠢᠨ ᠦᠨᠢᠶ᠎ᠡ ᠲᠡᠵᠢᠭᠡᠬᠦ ᠪᠠᠭ᠎ᠠ ᠲᠣᠭᠤᠷᠢᠭ᠂ 3600 ᠰᠠᠭᠠᠯᠢ ᠶᠢᠨ | ᠦᠨᠢᠶ᠎ᠡ ᠲᠠᠢ᠂ ᠵᠢᠯ ᠤᠨ 65 ᠲᠦᠮᠡᠨ ᠮᠢᠬᠠᠨ ᠲᠠᠬᠢᠶ᠎ᠠ ᠶᠢᠨ ᠶᠡᠷᠦᠩᠬᠡᠢ ᠪᠣᠷᠣᠯᠠᠭᠤᠯᠭ᠎ᠠ ᠪᠦᠬᠦᠢ ᠲᠡᠵᠢᠭᠡᠨ | ᠦᠷᠡᠵᠢᠭᠦᠯᠬᠦ ᠪᠠᠭ᠎ᠠ ᠲᠣᠭᠤᠷᠢᠭ 6 ᠪᠤᠢ᠂ 3000 ᠮᠤ᠋ ᠨᠠᠪᠴᠢᠨ ᠲᠠᠮᠠᠬᠢ ᠶᠢᠨ ᠲᠠᠷᠢᠮᠠᠯ ᠤᠨ ᠲᠠᠯᠠᠪᠠᠢ᠂ 2000 | ᠮᠤ᠋ ᠲᠠᠷᠪᠤᠰ ᠤᠨ ᠲᠠᠷᠢᠮᠠᠯ ᠤᠨ ᠲᠠᠯᠠᠪᠠᠢ ᠲᠠᠢ ᠪᠠᠶᠢᠵᠤ᠂ ︽ᠰᠢᠩ ᠯᠦᠩ ᠫᠦᠸᠧ ᠲᠠᠷᠪᠤᠰ︾ ᠨᠢ ᠶᠤᠸᠠᠨ ᠪᠣᠤ | ᠱᠠᠨ ᠤ ᠨᠡᠷᠡᠲᠦ ᠲᠡᠮᠳᠡᠭ ᠪᠣᠯᠣᠭᠰᠠᠨ ᠪᠠᠶᠢᠨ᠎ᠠ᠃ ᠰᠢᠭᠤᠶᠢᠲᠤ ᠭᠠᠵᠠᠷ ᠤᠨ ᠲᠠᠯᠠᠪᠠᠢ 69984 ᠮᠤ᠋᠂ ᠣᠢ | ᠰᠢᠭᠤᠢ ᠶᠢᠨ ᠪᠦᠷᠬᠦᠴᠡ ᠶᠢᠨ ᠨᠣᠷᠮ᠎ᠠ 36 % ᠳᠤ ᠬᠦᠷᠴᠦ᠂ ᠲᠠᠷᠢᠮᠠᠯ᠂ ᠮᠠᠯ ᠲᠡᠵᠢᠭᠡᠪᠦᠷᠢ᠂ ᠣᠶᠢᠵᠢᠭᠤᠯᠤᠯᠲᠠ᠂ | ᠵᠤᠭᠠᠴᠠᠯ ᠢ ᠨᠢᠭᠡ ᠴᠣᠭᠴᠠᠵᠢᠭᠤᠯᠵᠤ ᠪᠠᠶᠢᠭᠤᠯᠤᠭᠰᠠᠨ ᠮᠤ᠋ ᠯᠠᠨ ᠱᠠᠨ ᠲᠠᠷᠢᠶᠠᠯᠠᠩ ᠮᠠᠯ ᠠᠵᠤ ᠠᠬᠤᠢ ᠶᠢᠨ ᠠᠮᠢ | ᠠᠬᠤᠢ ᠶᠢᠨ ᠬᠦᠷᠢᠶᠡᠯᠡᠩ ᠲᠣᠭᠤᠷᠢᠭ ᠲᠠᠢ᠃ | ᠪᠠᠯᠭᠠᠰᠤ ᠲᠣᠰᠬᠤᠨ ᠳᠤ ᠴᠥᠮ ᠪᠠᠷᠢᠮᠵᠢᠶᠠᠵᠢᠭᠰᠠᠨ ᠰᠣᠶᠣᠯ ᠤᠨ ᠦᠷᠦᠭᠡ ᠪᠠ ᠡᠷᠡᠭᠦᠯ ᠬᠠᠮᠠᠭᠠᠯᠠᠯ ᠤᠨ | ᠲᠠᠰᠤᠭ ᠢ ᠪᠠᠶᠢᠭᠤᠯᠵᠤ᠂ ᠰᠢᠨᠵᠢᠯᠡᠬᠦ ᠤᠬᠠᠭᠠᠨ ᠰᠤᠷᠭᠠᠨ ᠬᠥᠮᠥᠵᠢᠯ᠂ ᠰᠣᠶᠣᠯ ᠲᠠᠮᠢᠷ᠂ ᠡᠷᠡᠭᠦᠯ ᠬᠠᠮᠠᠭᠠᠯᠠᠯ ᠤᠨ | ᠦᠢᠯᠡᠰ ᠲᠣᠭᠲᠠᠭᠤᠨ ᠢᠶᠠᠷ ᠬᠥᠭᠵᠢᠵᠦ ᠪᠠᠶᠢᠨ᠎ᠠ᠃ | |