ᠸᠠᠩ ᠶᠦᠩ ᠠᠵᠤ ᠠᠬᠤᠶᠢᠯᠠᠯ ᠤᠨ ᠠᠶᠤᠯᠭᠦᠢ ᠦᠢᠯᠡᠳᠪᠦᠷᠢᠯᠡᠯ ᠳᠤ ᠰᠤᠭᠤᠴᠢᠨ ᠪᠠᠶᠢᠴᠠᠭᠠᠯᠲᠠ ᠬᠢᠪᠡ
ᠨᠡᠶᠢᠲᠡᠯᠡᠭᠰᠡᠨ ᠴᠠᠭ᠄
2017/11/27
   ᠤᠯᠠᠭᠠᠨᠬᠠᠳᠠ  ᠬᠤᠲᠠ ᠶᠢᠨ ᠠᠶᠤᠯᠭᠦᠢ ᠦᠢᠯᠡᠳᠪᠦᠷᠢᠯᠡᠯ ᠤᠨ ᠵᠦᠪᠯᠡᠯ ᠤᠨ ᠱᠠᠭᠠᠷᠳᠠᠯᠭ᠎ᠠ ᠶᠤᠰᠣᠭᠠᠷ᠂ ᠠᠶᠤᠯᠭᠦᠢ ᠦᠢᠯᠡᠳᠪᠦᠷᠢᠯᠡᠯ ᠤᠨ ᠭᠡᠮ ᠰᠣᠭᠤᠭ ᠶᠢ ᠪᠠᠶᠢᠴᠠᠭᠠᠨ ᠢᠯᠡᠷᠡᠭᠦᠯᠵᠦ᠂ ᠠᠶᠤᠯᠭᠦᠢ ᠦᠢᠯᠡᠳᠪᠦᠷᠢᠯᠡᠯ ᠤᠨ ᠬᠡᠷᠡᠭ ᠭᠠᠷᠬᠤ ᠠᠴᠠ ᠰᠡᠷᠭᠡᠶᠢᠯᠡᠨ᠂ ᠲᠤᠮᠤ ᠶᠡᠭᠡ ᠠᠶᠤᠯᠭᠦᠢ ᠦᠢᠯᠡᠳᠪᠦᠷᠢᠯᠡᠯ ᠤᠨ ᠬᠡᠷᠡᠭ ᠭᠠᠷᠬᠤ ᠶᠢ ᠡᠷᠡᠰ ᠬᠤᠷᠢᠭᠯᠠᠬᠤ ᠶᠢᠨ ᠲᠦᠯᠦᠭᠡ᠂ 11 ᠰᠠᠷ᠎ᠠ ᠶᠢᠨ 21᠎ ᠤ ᠡᠳᠦᠷ᠂ ᠲᠤᠭᠤᠷᠢᠭ ᠤᠨ ᠵᠠᠰᠠᠭ ᠤᠨ ᠣᠷᠳᠤᠨ ᠤ ᠤᠷᠤᠭᠯᠠᠭᠴᠢ ᠲᠠᠷᠤᠭ᠎ᠠ ᠸᠠᠩ ᠶᠦᠩ᠂  ᠲᠤᠭᠤᠷᠢᠭ ᠤᠨ   ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂  ᠲᠤᠭᠤᠷᠢᠭ ᠤᠨ ᠵᠠᠰᠠᠭ ᠤᠨ ᠣᠷᠳᠤᠨ ᠤ ᠳᠡᠳ᠋ ᠳᠠᠷᠤᠭ᠎ᠠ ᠼᠤᠤ ᡁᠢ ᠶᠦᠩ ᠲᠤᠭᠤᠷᠢᠭ ᠤᠨ ᠠᠶᠤᠯᠭᠦᠢ ᠦᠢᠯᠡᠳᠪᠦᠷᠢᠯᠡᠯ ᠤᠨ ᠬᠢᠨᠠᠨ ᠬᠠᠮᠢᠶᠠᠷᠤᠯᠲᠠ ᠶᠢᠨ ᠲᠤᠪᠴᠢᠶ᠎ᠠ᠂ ᠬᠤᠳᠠᠯᠳᠤᠭᠠᠨ ᠤ ᠶᠠᠪᠤᠳᠠᠯ ᠤᠨ ᠲᠤᠪᠴᠢᠶ᠎ᠠ᠂ ᠵᠠᠬ᠎ᠠ ᠳᠡᠯᠭᠡᠭᠦᠷ ᠤᠨ ᠬᠢᠨᠠᠨ ᠬᠠᠮᠢᠶᠠᠷᠤᠯᠲᠠ ᠶᠢᠨ ᠲᠤᠪᠴᠢᠶ᠎ᠠ᠂ ᠭᠠᠯ ᠢ ᠰᠡᠷᠭᠡᠶᠢᠯᠡᠬᠦ ᠶᠡᠭᠡ ᠠᠩᠬᠢ᠂ ᠤᠷᠤᠨ ᠰᠠᠭᠤᠴᠠ ᠪᠦᠲᠦᠭᠡᠨ ᠪᠠᠶᠢᠭᠤᠯᠤᠯᠲᠠ  ᠶᠢᠨ ᠲᠤᠪᠴᠢᠶ᠎ᠠ᠂ ᠠᠵᠢᠯᠴᠢᠨ ᠤ ᠶᠡᠷᠥᠩᠬᠡᠢ ᠡᠪᠯᠡᠯ ᠵᠡᠷᠭᠡ ᠪᠠᠶᠢᠭᠤᠯᠤᠯᠭ᠎ᠠ ᠶᠢᠨ ᠬᠠᠷᠢᠭᠤᠴᠠᠯᠭᠠᠳᠠᠨ ᠪᠠ ᠠᠶᠤᠯᠭᠦᠢ ᠦᠢᠯᠡᠳᠪᠦᠷᠢᠯᠡᠯ ᠤᠨ ᠬᠠᠮᠢᠶᠠᠷᠤᠯᠲᠠ ᠶᠢᠨ ᠲᠤᠰᠬᠠᠢ ᠮᠡᠷᠭᠡᠵᠢᠯᠲᠡᠨ ᠢ ᠳᠠᠭᠠᠭᠤᠯᠵᠤ ᠂ ᠠᠵᠤ ᠠᠬᠤᠶᠢᠯᠠᠯ ᠤᠨ ᠠᠶᠤᠯᠭᠦᠢ ᠦᠢᠯᠡᠳᠪᠦᠷᠢᠯᠡᠯ ᠤᠨ ᠪᠠᠶᠢᠳᠠᠯ ᠎ ᠢ ᠰᠤᠭᠤᠴᠠᠨ ᠪᠠᠶᠢᠴᠠᠭᠠᠬᠤ ᠠᠵᠢᠯᠯᠠᠭᠠᠨ ᠢ ᠦᠷᠨᠢᠭᠦᠯᠪᠡ᠃
     ᠦᠪᠦᠷ ᠮᠤᠩᠭᠤᠯ ᠤᠨ ᠪᠤᠷᠣ ᠲᠤᠬᠤᠢ ᠶᠢᠨ ᠤᠯᠠᠭᠠᠨᠬᠠᠳᠠ ᠠᠷᠢᠬᠢᠨ ᠦᠢᠯᠡᠰ ᠤᠨ ᠬᠢᠵᠠᠭᠠᠷᠲᠦ ᠺᠤᠮᠫᠠᠨᠢ ᠳᠤ ᠪᠠᠶᠢᠴᠠᠭᠠᠯᠲᠠ ᠬᠢᠬᠦ ᠶᠠᠪᠤᠴᠠ ᠳᠤ ᠸᠠᠩ ᠶᠦᠩ ᠵᠡᠷᠭᠡ ᠤᠳᠤᠷᠢᠳᠤᠯᠭ᠎ᠠ  ᠭᠤᠤᠯᠳᠠᠭᠤ ᠠᠷᠢᠬᠢᠨ ᠬᠦᠮᠦᠷᠭᠡ᠂  ᠪᠤᠭᠤᠳᠠᠯᠠᠬᠤ ᠲᠠᠰᠤᠭ ᠤᠨ ᠲᠦᠬᠦᠭᠡᠷᠡᠮᠵᠢ ᠶᠢᠨ ᠠᠶᠤᠯᠭᠦᠢ ᠶᠢᠨ ᠬᠠᠮᠢᠶᠠᠷᠤᠯᠲᠠ ᠶᠢᠨ ᠪᠠᠶᠢᠳᠠᠯ ᠶᠢ ᠨᠠᠷᠢᠯᠠᠭ ᠤᠶᠢᠯᠠᠭᠠᠵᠤ᠂ ᠠᠵᠤ ᠠᠬᠤᠶᠢᠯᠠᠯ ᠪᠤᠯ ᠠᠶᠤᠯᠭᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠭᠤᠣᠯ ᠴᠤᠭᠴᠠ ᠮᠦᠨ᠂ ᠠᠶᠤᠯᠭᠦᠢ ᠦᠢᠯᠡᠳᠪᠦᠷᠢᠯᠡᠯ ᠤᠨ ᠴᠢᠬᠤᠯᠠ ᠴᠢᠨᠠᠷ ᠢ ᠭᠦᠢᠴᠡᠳ ᠲᠠᠨᠢᠵᠤ᠂ ᠬᠠᠷᠢᠭᠤᠴᠠᠯᠭ᠎ᠠ ᠎ ᠪᠠᠨ ᠤᠯᠠᠮ ᠨᠢᠭᠡ ᠠᠯᠬᠤᠮ ᠴᠢᠩᠭᠠᠳᠬᠠᠬᠤ ᠭᠡᠷᠡᠭᠳᠡᠢ ᠭᠡᠵᠡᠢ᠃ ᠬᠠᠮᠢᠶ᠎ᠠ ᠪᠦᠬᠦᠢ ᠨᠢᠭᠡᠴᠡ ᠨᠢ ᠪᠡᠭᠡᠵᠢᠩ ᠤᠨ ᠳ᠋ᠠ ᠰᠢᠩ ᠤᠨ ᠭᠠᠯ ᠤᠨ ᠠᠶᠤᠯ ᠤᠨ ᠬᠡᠷᠡᠭ ᠠᠴᠠ ᠰᠤᠷᠭᠠᠮᠵᠢ ᠠᠪᠴᠤ᠂ ᠬᠠᠮᠢᠶᠠᠷᠤᠨ ᠡᠵᠡᠮᠳᠡᠬᠦ ᠲᠤᠭᠲᠠᠴᠠ ᠪᠠᠨ ᠲᠡᠭᠦᠯᠳᠡᠷᠵᠢᠭᠦᠯᠵᠦ᠂ ᠪᠦᠬᠦ ᠲᠤᠭᠤᠷᠢᠭ ᠤᠨ ᠠᠵᠤ ᠠᠬᠤᠶᠢᠯᠠᠯ ᠳᠤ ᠲᠤᠭᠳᠠᠭᠰᠠᠨ ᠬᠤᠭᠤᠴᠠᠭ᠎ᠠ ᠲᠠᠢ ᠪᠤᠶᠤ ᠭᠡᠨᠡᠳᠡᠭᠦᠯᠦᠨ ᠪᠠᠶᠢᠴᠠᠭᠠᠬᠤ  ᠲᠤᠬᠢᠶᠠᠯᠳᠤᠮᠵᠢ ᠪᠠᠨ ᠴᠢᠩᠭᠠᠳᠬᠠᠵᠤ᠂ ᠴᠠᠭ ᠲᠤᠬᠠᠢ  ᠎ ᠳᠤᠨᠢ ᠠᠶᠤᠯᠭᠦᠢ ᠦᠢᠯᠡᠳᠪᠦᠷᠢᠯᠡᠯ ᠤᠨ ᠡᠯ᠎ᠡ ᠵᠤᠶᠢᠯ ᠤᠨ ᠭᠡᠮ ᠰᠤᠭᠤᠭ ᠎ ᠢ ᠪᠠᠶᠢᠴᠠᠭᠠᠨ ᠠᠷᠢᠯᠭᠠᠵᠤ᠂ ᠠᠶᠤᠯᠭᠦᠢ ᠦᠢᠯᠡᠳᠪᠦᠷᠢᠯᠡᠯ ᠤᠨ ᠠᠵᠢᠯ ᠤᠨ ᠡᠭᠦᠷᠡᠭᠡ ᠶᠢ ᠪᠤᠳᠠᠲᠠᠢ ᠳᠤ ᠨᠠᠶᠢᠳᠠᠪᠤᠷᠢᠵᠢᠭᠤᠯᠬᠤ ᠬᠡᠷᠡᠭᠳᠡᠢ ᠭᠡᠵᠡᠢ᠃      ᠤᠯᠠᠭᠠᠨᠬᠠᠳᠠ ᠬᠤᠲᠠ ᠶᠢᠨ ᠵᠧᠩ ᠾᠧ ᠴᠢᠯᠠᠭᠤᠨ ᠲᠤᠰᠤᠨ ᠤ ᠬᠢᠵᠠᠭᠠᠷᠲᠦ ᠬᠠᠷᠢᠭᠤᠴᠠᠯᠭᠠᠲᠦ ᠺᠤᠮᠫᠠᠨᠢ ᠳᠤ ᠸᠠᠩ ᠶᠦᠩ ᠵᠡᠷᠭᠡ ᠣᠳᠤᠷᠢᠳᠤᠯᠭ᠎ᠠ ᠲᠤᠬᠠᠢ ᠶᠢᠨ ᠲᠠᠯᠠᠪᠤᠷᠢ ᠶᠢᠨ ᠭᠠᠯ ᠎ ᠢ ᠰᠡᠷᠭᠡᠶᠢᠯᠡᠬᠦ ᠲᠦᠬᠦᠭᠡᠷᠡᠮᠵᠢ ᠶᠢ ᠪᠠᠶᠢᠴᠠᠭᠠᠨ᠂ ᠪᠦᠬᠦ ᠲᠤᠭᠤᠷᠢᠭ ᠤᠨ ᠳᠤᠰᠣ ᠨᠡᠮᠡᠬᠦ ᠦᠷᠲᠡᠭᠡ᠂ ᠬᠡᠢ ᠨᠡᠮᠡᠬᠦ ᠥᠷᠲᠡᠭᠡ᠂ ᠲᠤᠰᠤᠨ ᠬᠦᠮᠦᠷᠭᠡ ᠵᠡᠷᠭᠡ ᠲᠠᠯ᠎ᠠ ᠶᠢᠨ ᠬᠠᠷᠢᠭᠤ ᠮᠡᠳᠡᠭᠦᠯᠦᠯᠲᠡ ᠶᠢ ᠰᠤᠨᠤᠰᠪᠠ᠃  ᠲᠡᠷᠡ ᠵᠢᠭᠠᠵᠤ ᠭᠠᠷᠭᠠᠭᠰᠠᠨ ᠨᠢ᠂ ᠲᠤᠰᠤ ᠬᠡᠢ ᠶᠢᠨ ᠠᠵᠤ ᠠᠬᠤᠶᠢᠯᠠᠯ ᠪᠤᠯ ᠮᠠᠨ ᠤ ᠲᠤᠭᠤᠷᠢᠭ ᠤᠨ ᠭᠠᠯ ᠢ ᠰᠡᠷᠭᠡᠶᠢᠯᠡᠬᠦ᠂ ᠳᠡᠯᠪᠡᠷᠡᠯᠲᠡ ᠶᠢ ᠰᠡᠷᠭᠡᠶᠢᠯᠡᠬᠦ ᠭᠤᠤᠯᠳᠠᠯᠭ᠎ᠠ ᠲᠠᠢ ᠨᠢᠭᠡᠴᠡ ᠮᠦᠨ᠃ ᠬᠠᠮᠢᠶ᠎ᠠ ᠪᠦᠬᠦᠢ ᠨᠢᠭᠡᠴᠡ ᠨᠢ ᠠᠶᠤᠯᠭᠦᠢ ᠦᠢᠯᠡᠳᠪᠦᠷᠢᠯᠡᠯ ᠎ ᠤᠨ ᠳᠦᠷᠢᠮ ᠪᠠᠷᠢᠮᠵᠢᠶ᠎ᠠ ᠪᠠᠷ ᠴᠢᠩᠭ᠎ᠠ ᠱᠠᠭᠠᠷᠳᠠᠵᠤ᠂ ᠬᠠᠤᠯᠢ ᠬᠡᠷᠡᠭᠵᠢᠭᠦᠯᠬᠦ ᠬᠦᠴᠦᠯᠡᠴᠡ ᠪᠠᠨ ᠴᠢᠩᠭᠠᠳᠬᠠᠵᠤ᠂ ᠠᠶᠤᠯᠭᠦᠢ ᠦᠢᠯᠡᠳᠪᠦᠷᠢᠯᠡᠯ ᠎ ᠤᠨ ᠠᠵᠢᠯ ᠎ ᠢ ᠭᠡᠭᠡᠯᠲᠡ  ᠤᠷᠬᠢᠭᠳᠠᠯ ᠦᠭᠡᠢ ᠰᠠᠶᠢᠲᠤᠷ ᠬᠢᠬᠦ ᠬᠡᠷᠡᠭᠲᠡᠢ ᠭᠡᠵᠡᠢ᠃
    ᠤᠯᠠᠭᠠᠨᠬᠠᠳᠠ ᠶᠢᠨ ᠵᠢᠢ ᠲᠠᠢ ᠬᠡᠢ ᠪᠡᠶᠡᠲᠦ ᠬᠢᠮᠢ ᠶᠢᠨ ᠪᠦᠲᠦᠭᠡᠭᠳᠡᠭᠦᠨ ᠤ ᠬᠢᠵᠠᠭᠠᠷᠲᠦ ᠺᠤᠮᠫᠠᠨᠢ ᠳᠤ ᠪᠠᠶᠢᠴᠠᠭᠠᠬᠤ ᠳᠤᠮᠳᠠ ᠸᠠᠩ ᠶᠦᠩ ᠠᠴᠠ ᠰᠢᠲᠠᠮᠠᠬᠠᠢ ᠬᠡᠢ ᠪᠡᠶᠡᠲᠦ ᠪᠠᠨ ᠰᠠᠪᠠᠯᠠᠬᠤ᠂ ᠲᠡᠭᠡᠭᠡᠪᠦᠷᠢᠯᠡᠬᠦ᠂ ᠬᠠᠳᠠᠭᠠᠯᠠᠬᠤ ᠪᠠ ᠬᠡᠷᠡᠭᠰᠡᠯ ᠦᠭᠡᠢ ᠪᠤᠯᠤᠭᠰᠠᠨ ᠬᠡᠢ ᠪᠡᠶᠡᠲᠦ ᠶᠢᠨ ᠰᠠᠪᠠ ᠶᠢ ᠰᠢᠢᠳᠪᠦᠷᠢᠯᠡᠵᠦ ᠪᠠᠶᠢᠬᠤ ᠵᠡᠷᠭᠡ ᠪᠠᠶᠢᠳᠠᠯ ᠢ ᠨᠠᠷᠢᠯᠠᠭ  ᠣᠶᠢᠯᠠᠭᠠᠭᠰᠠᠨ ᠪᠠᠶᠢᠨ᠎ᠠ᠃ ᠲᠡᠷᠡ ᠱᠠᠭᠠᠷᠳᠠᠬᠤ  ᠎ ᠳᠠᠭᠠᠨ  ᠂ ᠠᠵᠤ ᠠᠬᠤᠶᠢᠯᠠᠯ ᠨᠢ ᠠᠶᠤᠯᠭᠦᠢ ᠦᠢᠯᠡᠳᠪᠦᠷᠢᠯᠡᠯ ᠶᠢᠨ ᠦᠵᠡᠯᠲᠡ ᠲᠠᠨᠢᠯᠲᠠ ᠪᠠᠨ ᠪᠠᠲᠤ ᠴᠢᠩᠭ᠎ᠠ ᠪᠤᠢ ᠪᠤᠯᠭᠠᠵᠤ᠂ ᠠᠶᠤᠯᠭᠦᠢ ᠦᠢᠯᠡᠳᠪᠦᠷᠢᠯᠡᠯ ᠤᠨ ᠳᠦᠷᠢᠮ ᠳᠤᠭᠳᠠᠭᠠᠯ ᠪᠠ ᠳᠦᠷᠢᠮᠵᠢᠯ ᠢ ᠴᠢᠩᠭ᠎ᠠ ᠰᠠᠬᠢᠵᠤ᠂ ᠪᠠᠴᠢᠮ ᠢ ᠠᠷᠭᠠᠴᠠᠬᠤ ᠲᠦᠰᠦᠪ ᠤᠨ ᠬᠠᠮᠢᠶᠠᠷᠤᠯᠲᠠ ᠪᠠᠨ ᠴᠢᠩᠭᠠᠳᠬᠠᠵᠤ᠂ ᠠᠶᠤᠯᠭᠦᠢ ᠦᠢᠯᠡᠳᠪᠦᠷᠢᠯᠡᠯ ᠎ ᠳᠤ ᠠᠯᠳᠠᠭ᠎ᠠ  ᠭᠠᠷᠭᠠᠵᠤ ᠪᠤᠯᠬᠤ ᠦᠭᠡᠢ  ᠭᠡᠰᠡᠨ ᠪᠠᠶᠢᠨ᠎ᠠ᠃
 
ᠢᠷᠡᠯᠲᠡ᠄ ᠶᠣᠸᠠᠨ ᠪᠣᠣ ᠱᠠᠨ ᠲᠣᠭᠤᠷᠢᠭ ᠎ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1