ᠳᠤᠮᠳᠠᠲᠤ ᠭᠠᠲᠠᠭᠠᠲᠤ ᠶᠢᠨ ᠪᠡᠯᠡ ᠨᠡᠶᠢᠯᠡᠭᠦᠯᠦᠨ᠂ ᠬᠤᠷᠰᠢᠵᠤ ᠡᠵᠡᠩᠨᠡᠭᠰᠡᠨ ᠨᠠᠶᠢᠷ ᠨᠠᠭᠠᠳᠤᠮ ᠤᠨ ᠭᠠᠵᠠᠷ ᠤᠨ ᠬᠡᠷᠡᠭ ᠡᠷᠬᠢᠯᠡᠬᠦ ᠵᠢᠭᠠᠯᠲᠠ
ᠨᠡᠶᠢᠲᠡᠯᠡᠭᠰᠡᠨ ᠴᠠᠭ᠄
2017/11/23
      ᠨᠢᠭᠡ᠂ ᠲᠤᠬᠢᠷᠠᠬᠤ ᠬᠡᠪᠴᠢᠶ᠎ᠡ ᠲᠤᠰ ᠵᠢᠭᠠᠯᠲᠠ ᠳᠤᠮᠳᠠᠲᠤ ᠭᠠᠲᠠᠭᠠᠲᠤ ᠶᠢᠨ ᠪᠡᠯᠡ ᠨᠡᠶᠢᠯᠡᠭᠦᠯᠦᠨ᠂ ᠬᠤᠷᠰᠢᠵᠤ ᠡᠵᠡᠩᠨᠡᠭᠰᠡᠨ ᠨᠠᠶᠢᠷ ᠨᠠᠭᠠᠳᠤᠮ ᠤᠨ ᠭᠠᠵᠠᠷ ᠪᠠᠶᠢᠭᠤᠯᠬᠤ ᠪᠠᠷ ᠭᠤᠶᠤᠴᠢᠯᠠᠬᠤ ᠪᠠ ᠬᠡᠷᠡᠭ ᠡᠷᠬᠢᠯᠡᠬᠦ ᠳᠤ ᠲᠤᠬᠢᠷᠠᠨ᠎ᠠ᠃      ᠬᠤᠶᠠᠷ᠂ ᠭᠤᠶᠤᠴᠢᠯᠬᠤ ᠵᠦᠢᠯᠡᠰ ᠵᠦᠢᠯᠡᠰ᠄ ᠨᠠᠶᠢᠷ ᠨᠠᠭᠠᠳᠤᠮ ᠤᠨ ᠭᠠᠵᠠᠷ ᠪᠠᠶᠢᠭᠤᠯᠬᠤ ᠭᠤᠶᠤᠴᠢᠯᠠᠯ ᠬᠤᠪᠢᠶᠠᠷᠢ ᠵᠦᠢᠯᠡᠰ᠄ ᠪᠠᠶᠢᠭᠤᠯᠬᠤ᠂ ᠬᠤᠪᠢᠷᠠᠭᠠᠬᠤ᠂ ᠦᠷᠬᠦᠯᠵᠢᠯᠡᠬᠦᠯᠬᠦ᠂ ᠬᠦᠴᠦᠨ ᠦᠭᠡᠢ ᠪᠤᠯᠭᠠᠬᠤ᠂ ᠦᠨᠡᠮᠯᠡᠯ ᠨᠦᠬᠦᠬᠦ᠃      ᠭᠤᠷᠪᠠ᠂ ᠵᠠᠰᠠᠭ ᠵᠠᠬᠢᠷᠭᠠᠨ ᠤ ᠵᠦᠪᠰᠢᠶᠡᠷᠡᠯ ᠤᠨ ᠦᠨᠳᠦᠰᠦᠯᠡᠯ ︽ᠨᠠᠶᠢᠷ ᠨᠠᠭᠠᠳᠤᠮ ᠤᠨ ᠭᠠᠵᠠᠷ ᠤᠨ ᠬᠠᠮᠢᠶᠠᠷᠤᠯᠲᠠ ᠶᠢᠨ ᠳᠦᠷᠢᠮ︾᠂ ︽ᠨᠠᠶᠢᠷ ᠨᠠᠭᠠᠳᠤᠮ ᠤᠨ ᠭᠠᠵᠠᠷ ᠤᠨ ᠬᠠᠮᠢᠶᠠᠷᠤᠯᠲᠠ ᠶᠢᠨ ᠠᠷᠭ᠎ᠠ︾᠂ ︽︿ᠨᠠᠶᠢᠷ ᠨᠠᠭᠠᠳᠤᠮ ᠤᠨ ᠭᠠᠵᠠᠷ ᠤᠨ ᠬᠠᠮᠢᠶᠠᠷᠤᠯᠲᠠ ᠶᠢᠨ ᠠᠷᠭ᠎ᠠ﹀᠎ ᠶᠢ ᠲᠤᠤᠱᠯᠠᠭᠤᠯᠬᠤ ᠲᠤᠬᠠᠢ ᠰᠤᠶᠤᠯ ᠤᠨ ᠶᠠᠮᠤᠨ ᠤ ᠮᠡᠳᠡᠭᠳᠡᠯ︾᠃      ᠳᠦᠷᠪᠡ᠂ ᠵᠠᠰᠠᠭ ᠵᠠᠬᠢᠷᠭᠠᠨ ᠢᠶᠠᠷ ᠵᠦᠪᠰᠢᠶᠡᠷᠡᠬᠦ ᠪᠠᠶᠢᠭᠤᠯᠭ᠎ᠠ ᠠᠶᠢᠮᠠᠭ ᠬᠤᠲᠠ ᠶᠢᠨ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ      ᠲᠠᠪᠤ᠂ ᠵᠠᠰᠠᠭ ᠵᠠᠬᠢᠷᠭᠠᠨ ᠢᠶᠠᠷ ᠵᠦᠪᠰᠢᠶᠡᠷᠡᠬᠦ ᠲᠤᠭ᠎ᠠ ᠬᠡᠮᠵᠢᠶ᠎ᠡ ᠲᠤᠭ᠎ᠠ ᠬᠡᠮᠵᠢᠶ᠎ᠡ ᠶᠢᠨ ᠬᠢᠵᠠᠭᠠᠷᠯᠠᠯ ᠦᠭᠡᠢ᠃       ᠵᠢᠷᠭᠤᠭ᠎ᠠ᠂ ᠭᠤᠶᠤᠴᠢᠯᠠᠬᠤ ᠨᠦᠬᠦᠴᠡᠯ       ︵ᠨᠢᠭᠡ︶ ᠭᠤᠶᠤᠴᠢᠯᠠᠭᠴᠢ     1. ᠳᠤᠤᠷᠠᠬᠢ ᠪᠠᠶᠢᠳᠠᠯ ᠤᠨ ᠨᠢᠭᠡ ᠳᠤᠨᠢ ᠬᠤᠯᠪᠤᠭᠳᠠᠬᠤ ᠬᠦᠮᠦᠰ ᠨᠠᠶᠢᠷ ᠨᠠᠭᠠᠳᠤᠮ ᠤᠨ ᠭᠠᠵᠠᠷ ᠪᠠᠶᠢᠭᠤᠯᠬᠤ ᠪᠠᠷ ᠭᠤᠶᠤᠴᠢᠯᠠᠵᠤ ᠪᠤᠯᠬᠤ ᠦᠭᠡᠢ᠄     ︵1︶ ᠶᠠᠩᠬᠠᠯᠠᠬᠤ ᠶᠢ ᠵᠤᠬᠢᠶᠠᠨ ᠪᠠᠶᠢᠭᠤᠯᠤᠭᠰᠠᠨ᠂ ᠠᠯᠪᠠᠳᠠᠵᠤ᠂ ᠦᠳᠦᠭᠡᠵᠤ᠂ ᠦᠯᠡᠳᠡᠭᠡᠵᠤ ᠠᠪᠤᠭᠠᠳ ᠶᠠᠩᠬᠠᠯᠠᠭᠤᠯᠤᠭᠰᠠᠨ᠂ ᠶᠠᠩᠬᠠᠯᠠᠬᠤ ᠳᠤ ᠲᠠᠨᠢᠯᠴᠠᠭᠤᠯᠤᠭᠰᠠᠨ ᠶᠠᠯ᠎ᠠ᠂ ᠱᠠᠯᠢᠭ ᠵᠠᠪᠬᠠᠢ ᠵᠦᠢᠯᠡᠰ ᠢ ᠦᠢᠯᠡᠳᠦᠭᠰᠡᠨ᠂ ᠫᠠᠨᠽᠠᠯᠠᠭᠰᠠᠨ᠂ ᠲᠠᠷᠬᠠᠭᠠᠭᠰᠠᠨ ᠶᠠᠯ᠎ᠠ᠂ ᠬᠤᠤᠷ ᠭᠤᠶᠠᠴᠢᠯᠠᠭᠰᠠᠨ᠂ ᠫᠠᠨᠽᠠᠯᠠᠭᠰᠠᠨ᠂ ᠲᠡᠭᠡᠭᠡᠪᠦᠷᠢᠯᠡᠭᠰᠡᠨ᠂ ᠦᠢᠯᠡᠳᠦᠭᠰᠡᠨ ᠶᠠᠯ᠎ᠠ᠂ ᠨᠦᠵᠢᠳᠯᠡᠭᠰᠡᠨ ᠶᠠᠯ᠎ᠠ᠂ ᠠᠯᠪᠠᠳᠠᠵᠤ ᠪᠠᠶᠢᠭᠠᠳ ᠡᠮᠡᠭᠲᠠᠶᠢᠴᠤᠳ ᠲᠠᠢ ᠱᠠᠯᠢᠭᠯᠠᠭᠰᠠᠨ᠂ ᠭᠤᠲᠤᠭᠠᠨ ᠳᠤᠷᠤᠮᠵᠢᠯᠠᠭᠰᠠᠨ ᠶᠠᠯ᠎ᠠ᠂ ᠵᠤᠭᠤᠰ ᠨᠠᠭᠠᠳᠤᠭᠰᠠᠨ ᠶᠠᠯ᠎ᠠ᠂ ᠪᠤᠵᠠᠷ ᠢᠷᠡᠯᠲᠡ ᠲᠠᠢ ᠵᠤᠭᠤᠰ ᠢᠶᠠᠨ ᠰᠢᠯᠵᠢᠭᠦᠯᠦᠭᠰᠡᠨ ᠶᠠᠯ᠎ᠠ᠂ ᠨᠡᠶᠢᠭᠡᠮ ᠤᠨ ᠬᠠᠷ᠎ᠠ ᠬᠠᠷᠬᠢᠰ ᠵᠤᠬᠢᠶᠠᠨ ᠪᠠᠶᠢᠭᠤᠯᠤᠯᠲᠠ ᠶᠢ ᠵᠤᠬᠢᠶᠠᠨ ᠪᠠᠶᠢᠭᠤᠯᠤᠭᠰᠠᠨ᠂ ᠤᠳᠤᠷᠢᠳᠤᠭᠰᠠᠨ᠂ ᠤᠷᠤᠯᠴᠠᠭᠰᠠᠨ ᠶᠠᠯ᠎ᠠ ᠬᠢᠭᠰᠡᠨ︔     ︵2︶ ᠶᠠᠯ᠎ᠠ ᠬᠢᠭᠰᠡᠨ ᠠᠴᠠ ᠪᠤᠯᠵᠤ ᠤᠯᠤᠰ ᠲᠦᠷᠦ ᠶᠢᠨ ᠡᠷᠬᠡ ᠪᠠᠨ ᠬᠠᠰᠤᠭᠤᠯᠤᠭᠰᠠᠨ︔     ︵3︶ ᠬᠤᠤᠷ ᠡᠳ᠋ᠯᠡᠭᠰᠡᠨ᠂ ᠬᠤᠤᠷ ᠲᠠᠷᠢᠭᠤᠯᠤᠭᠰᠠᠨ ᠠᠴᠠ ᠪᠤᠯᠤᠭᠠᠳ ᠬᠤᠤᠷ ᠡᠳ᠋ᠯᠡᠬᠦ ᠪᠠᠨ ᠠᠯᠪᠠᠳᠠᠯᠭ᠎ᠠ ᠪᠠᠷ ᠵᠤᠭᠰᠤᠭᠠᠯᠭᠠᠭᠰᠠᠨ︔     ︵4︶ ᠶᠠᠩᠬᠠᠯᠠᠭᠰᠠᠨ᠂ ᠶᠠᠩᠬᠠᠨ ᠳᠤ ᠤᠷᠤᠭᠰᠠᠨ ᠠᠴᠠ ᠪᠤᠯᠵᠤ ᠵᠠᠰᠠᠭ ᠵᠠᠬᠢᠷᠭᠠᠨ ᠢᠶᠠᠷ ᠲᠦᠷ ᠬᠤᠷᠢᠭᠤᠯᠤᠭᠰᠠᠨ︔      2. ᠨᠠᠶᠢᠷ ᠨᠠᠭᠠᠳᠤᠮ ᠤᠨ ᠭᠠᠵᠠᠷ ᠡᠵᠡᠩᠨᠡᠬᠦ ᠠᠵᠢᠯᠯᠠᠭ᠎ᠠ ᠶᠢ ᠳᠤᠷ᠎ᠠ ᠪᠠᠷ ᠢᠶᠠᠨ ᠡᠷᠬᠢᠯᠡᠭᠡᠳ ᠬᠠᠤᠯᠢ ᠶᠤᠰᠤᠭᠠᠷ ᠬᠦᠴᠦᠨ ᠦᠭᠡᠢ ᠪᠤᠯᠭᠠᠭᠳᠠᠭᠰᠠᠨ ᠪᠤᠯ ᠪᠡᠯᠡ ᠤᠷᠤᠭᠤᠯᠤᠭᠰᠠᠨ ᠬᠦᠮᠦᠰ ᠪᠠ ᠬᠠᠷᠢᠭᠤᠴᠠᠯᠭᠠᠲᠠᠨ ᠨᠢ ᠨᠠᠰᠤᠨ ᠲᠤᠷᠰᠢᠲᠠ ᠨᠠᠶᠢᠷ ᠨᠠᠭᠠᠳᠤᠮ ᠤᠨ ᠭᠠᠵᠠᠷ ᠲᠤ ᠪᠡᠯᠡ ᠤᠷᠤᠭᠤᠯᠤᠨ ᠨᠡᠭᠡᠭᠡᠨ ᠡᠷᠬᠢᠯᠡᠵᠤ ᠪᠤᠯᠬᠤ ᠦᠭᠡᠢ ᠪᠤᠶᠤ ᠨᠠᠶᠢᠷ ᠨᠠᠭᠠᠳᠤᠮ ᠤᠨ ᠭᠠᠵᠠᠷ ᠤᠨ ᠬᠠᠤᠯᠢ ᠪᠠᠷ ᠲᠤᠭᠲᠠᠭᠠᠭᠰᠠᠨ ᠲᠦᠯᠦᠭᠡᠯᠡᠭᠴᠢ᠂ ᠬᠠᠷᠢᠭᠤᠴᠠᠯᠭᠠᠲᠠᠨ ᠤ ᠲᠤᠰᠢᠶᠠᠯ ᠡᠭᠦᠷᠭᠡᠯᠡᠵᠤ ᠪᠤᠯᠬᠤ ᠦᠭᠡᠢ᠃ ᠨᠠᠶᠢᠷ ᠨᠠᠭᠠᠳᠤᠮ ᠤᠨ ᠭᠠᠵᠠᠷ ᠢᠶᠠᠨ ᠬᠤᠷᠢᠶᠠᠯᠭᠠᠭᠰᠠᠨ ᠪᠤᠶᠤ ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ ᠢᠶᠠᠨ ᠬᠦᠴᠦᠨ ᠦᠭᠡᠢ ᠪᠤᠯᠭᠠᠭᠳᠠᠭᠰᠠᠨ ᠪᠤᠯ ᠬᠤᠷᠢᠶᠠᠯᠭᠠᠭᠰᠠᠨ ᠪᠤᠶᠤ ᠬᠦᠴᠦᠨ ᠦᠭᠡᠢ ᠪᠤᠯᠭᠠᠭᠳᠠᠭᠰᠠᠨ ᠡᠳᠦᠷ ᠠᠴᠠ ᠡᠬᠢᠯᠡᠨ᠂ ᠬᠠᠤᠯᠢ ᠪᠠᠷ ᠲᠤᠭᠲᠠᠭᠠᠭᠰᠠᠨ ᠲᠦᠯᠦᠭᠡᠯᠡᠭᠴᠢ᠂ ᠬᠠᠷᠢᠭᠤᠴᠠᠯᠭᠠᠲᠠᠨ ᠨᠢ 5 ᠵᠢᠯ ᠤᠨ ᠳᠤᠲᠤᠷ᠎ᠠ ᠨᠠᠶᠢᠷ ᠨᠠᠭᠠᠳᠤᠮ ᠤᠨ ᠭᠠᠵᠠᠷ ᠤᠨ ᠬᠠᠤᠯᠢ ᠪᠠᠷ ᠲᠤᠭᠲᠠᠭᠠᠭᠰᠠᠨ ᠲᠦᠯᠦᠭᠡᠯᠡᠭᠴᠢ᠂ ᠬᠠᠷᠢᠭᠤᠴᠠᠯᠭᠠᠲᠠᠨ ᠤ ᠲᠤᠰᠢᠶᠠᠯ ᠡᠭᠦᠷᠭᠡᠯᠡᠵᠤ ᠪᠤᠯᠬᠤ ᠦᠭᠡᠢ᠃      3. ᠲᠦᠷᠦ ᠶᠢᠨ ᠪᠠᠶᠢᠭᠤᠯᠭ᠎ᠠ ᠬᠢᠭᠡᠳ ᠲᠡᠭᠦᠨ ᠤ ᠠᠵᠢᠯᠲᠠᠨ ᠨᠠᠶᠢᠷ ᠨᠠᠭᠠᠳᠤᠮ ᠤᠨ ᠭᠠᠵᠠᠷ ᠨᠡᠭᠡᠭᠡᠨ ᠡᠷᠬᠢᠯᠡᠵᠤ ᠪᠤᠯᠬᠤ ᠦᠭᠡᠢ᠂ ᠨᠠᠶᠢᠷ ᠨᠠᠭᠠᠳᠤᠮ ᠤᠨ ᠭᠠᠵᠠᠷ ᠡᠵᠡᠩᠨᠡᠬᠦ ᠠᠵᠢᠯᠯᠠᠭ᠎ᠠ ᠳᠤ ᠤᠷᠤᠯᠴᠠᠬᠤ ᠪᠤᠶᠤ ᠬᠡᠯᠪᠡᠷᠢ ᠶᠢ ᠨᠢ ᠦᠭᠡᠷᠡᠲᠡᠭᠦᠯᠦᠨ ᠤᠷᠤᠯᠴᠠᠵᠤ ᠪᠤᠯᠬᠤ ᠦᠭᠡᠢ᠃ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ᠂ ᠳᠤᠲᠤᠭᠠᠲᠤ ᠶᠢ ᠬᠠᠮᠠᠭᠠᠯᠠᠬᠤ ᠰᠠᠯᠠᠭ᠎ᠠ ᠮᠦᠴᠢᠷ ᠤᠨ ᠠᠵᠢᠯᠲᠠᠨ ᠯᠤᠭ᠎ᠠ ᠡᠷ᠎ᠡ ᠡᠮ᠎ᠡ ᠶᠢᠨ ᠬᠠᠷᠢᠴᠠᠭ᠎ᠠ᠂ ᠰᠢᠭᠤᠳ ᠴᠢᠰᠤᠨ ᠲᠦᠷᠦᠯ ᠤᠨ ᠬᠠᠷᠢᠴᠠᠭ᠎ᠠ᠂ ᠭᠤᠷᠪᠠᠨ ᠦᠶ᠎ᠡ ᠶᠢᠨ ᠳᠤᠲᠤᠷ᠎ᠠ ᠴᠢᠰᠤᠨ ᠲᠦᠷᠦᠯ ᠤᠨ ᠬᠠᠷᠢᠴᠠᠭ᠎ᠠ ᠲᠠᠢ ᠵᠢᠴᠢ ᠤᠶᠢᠷ᠎ᠠ ᠤᠷᠤᠭ ᠲᠦᠷᠦᠯ ᠤᠨ ᠬᠠᠷᠢᠴᠠᠭ᠎ᠠ ᠲᠠᠢ ᠲᠦᠷᠦᠯ ᠰᠠᠳᠤᠨ ᠨᠠᠶᠢᠷ ᠨᠠᠭᠠᠳᠤᠮ ᠤᠨ ᠭᠠᠵᠠᠷ ᠨᠡᠭᠡᠭᠡᠨ ᠡᠷᠬᠢᠯᠡᠵᠤ ᠪᠤᠯᠬᠤ ᠦᠭᠡᠢ᠂ ᠨᠠᠶᠢᠷ ᠨᠠᠭᠠᠳᠤᠮ ᠤᠨ ᠭᠠᠵᠠᠷ ᠡᠵᠡᠩᠨᠡᠬᠦ ᠠᠵᠢᠯᠯᠠᠭ᠎ᠠ ᠳᠤ ᠤᠷᠤᠯᠴᠠᠬᠤ ᠪᠤᠶᠤ ᠬᠡᠯᠪᠡᠷᠢ ᠶᠢ ᠨᠢ ᠦᠭᠡᠷᠡᠲᠡᠭᠦᠯᠦᠨ ᠤᠷᠤᠯᠴᠠᠵᠤ ᠪᠤᠯᠬᠤ ᠦᠭᠡᠢ᠃     ︵ᠬᠤᠶᠠᠷ︶ ᠨᠠᠶᠢᠷ ᠨᠠᠭᠠᠳᠤᠮ ᠤᠨ ᠭᠠᠵᠠᠷ ᠪᠠᠶᠢᠭᠤᠯᠬᠤ ᠨᠠᠶᠢᠷ ᠨᠠᠭᠠᠳᠤᠮ ᠤᠨ ᠭᠠᠵᠠᠷ ᠢ ᠳᠤᠤᠷ᠎ᠠ ᠵᠢᠭᠰᠠᠭᠠᠭᠰᠠᠨ ᠭᠠᠵᠠᠷ ᠲᠤ ᠪᠠᠶᠢᠭᠤᠯᠵᠤ ᠪᠤᠯᠬᠤ ᠦᠭᠡᠢ᠄     1. ᠬᠡᠷ ᠪᠠᠶᠢᠰᠢᠩ ᠤᠨ ᠲᠦᠯᠦᠪᠵᠢᠭᠦᠯᠭᠡ᠂ ᠵᠢᠷᠤᠭ ᠲᠦᠯᠦᠪᠯᠡᠭᠡ᠂ ᠬᠡᠷᠡᠭᠯᠡᠬᠦ ᠬᠡᠷᠡᠭᠴᠡᠭᠡ ᠶᠢ ᠪᠠᠭᠲᠠᠭᠠᠭᠰᠠᠨ ᠤᠷᠤᠨ ᠰᠠᠭᠤᠴᠠ︔     2. ᠮᠦᠽᠢᠢ᠂ ᠨᠤᠮ ᠤᠨ ᠰᠠᠩ ᠪᠠ ᠲᠡᠤᠭᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠡ ᠪᠠᠷ ᠲᠤᠭᠲᠠᠭᠠᠭᠳᠠᠭᠰᠠᠨ ᠪᠠᠷᠢᠯᠭ᠎ᠠ ᠳᠤ︔     3. ᠰᠠᠭᠤᠭᠠᠯᠢ ᠠᠷᠠᠳ ᠤᠨ ᠲᠤᠭᠤᠷᠢᠭ︔      4. ᠰᠤᠷᠭᠠᠨ ᠬᠦᠮᠦᠵᠢᠯ ᠤᠨ ᠬᠠᠤᠯᠢ ᠳᠤ ᠲᠤᠭᠲᠠᠭᠠᠭᠰᠠᠨ ᠳᠤᠮᠳᠠᠲᠤ ᠪᠠᠭ᠎ᠠ ᠰᠤᠷᠭᠠᠭᠤᠯᠢ ᠶᠢᠨ ᠡᠷᠬᠢᠨ ᠲᠤᠭᠤᠷᠢᠨ︔     5. ︽ᠡᠮᠴᠢᠯᠡᠭᠡᠨ ᠤ ᠪᠠᠶᠢᠭᠤᠯᠤᠮᠵᠢ ᠶᠢᠨ ᠬᠠᠮᠢᠶᠠᠷᠤᠯᠲᠠ ᠶᠢᠨ ᠳᠦᠷᠢᠮ︾ ᠬᠢᠭᠡᠳ ᠬᠡᠷᠡᠭᠵᠢᠬᠦᠯᠬᠦ ᠨᠠᠷᠢᠨ ᠳᠦᠷᠢᠮ ᠤᠨ ᠶᠤᠰᠤᠭᠠᠷ ︽ᠡᠮᠴᠢᠯᠡᠭᠡᠨ ᠤ ᠪᠠᠶᠢᠭᠤᠯᠤᠮᠵᠢ ᠶᠢᠨ ᠠᠵᠢᠯ ᠡᠷᠬᠢᠯᠡᠬᠦ ᠵᠦᠪᠰᠢᠶᠡᠷᠡᠯ ᠤᠨ ᠦᠨᠡᠮᠯᠡᠯ︾ ᠤᠯᠤᠭᠰᠠᠨ ᠡᠮᠨᠡᠯᠭᠡ ᠶᠢᠨ ᠬᠤᠷᠢᠶ᠎ᠠ ᠶᠢᠨ ᠡᠷᠬᠢᠨ ᠲᠤᠭᠤᠷᠢᠨ︔       6. ᠡᠯ᠎ᠡ ᠱᠠᠲᠤᠨ ᠤ ᠳᠤᠮᠳᠠᠲᠤ ᠤᠯᠤᠰ ᠤᠨ ᠡᠪ ᠬᠠᠮᠲᠤ ᠨᠠᠮ ᠤᠨ ᠬᠤᠷᠢᠶ᠎ᠠ ᠬᠢᠭᠡᠳ ᠲᠡᠭᠦᠨ ᠤ ᠡᠯ᠎ᠡ ᠬᠠᠷᠢᠶ᠎ᠠ ᠠᠵᠢᠯᠯᠠᠬᠤ ᠰᠠᠯᠠᠭ᠎ᠠ ᠮᠦᠴᠢᠷ᠂ ᠡᠯ᠎ᠡ ᠱᠠᠲᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠭᠤᠯᠭ᠎ᠠ᠂ ᠡᠯ᠎ᠡ ᠱᠠᠲᠤᠨ ᠤ ᠠᠷᠠᠳ ᠤ ᠵᠠᠰᠠᠭ ᠤᠨ ᠤᠷᠳᠤᠨ ᠬᠢᠭᠡᠳ ᠲᠡᠭᠦᠨ ᠤ ᠡᠯ᠎ᠡ ᠬᠠᠷᠢᠶ᠎ᠠ ᠠᠵᠢᠯᠯᠠᠬᠤ ᠰᠠᠯᠠᠭ᠎ᠠ ᠮᠦᠴᠢᠷ᠂ ᠡᠯ᠎ᠡ ᠱᠠᠲᠤᠨ ᠤ ᠤᠯᠤᠰ ᠲᠦᠷᠦ ᠶᠢᠨ ᠵᠦᠪᠯᠡᠯᠭᠡᠨ ᠤ ᠪᠠᠶᠢᠭᠤᠯᠭ᠎ᠠ᠂ ᠡᠯ᠎ᠡ ᠱᠠᠲᠤᠨ ᠤ ᠠᠷᠠᠳ ᠤᠨ ᠰᠢᠬᠦᠬᠦ ᠬᠤᠷᠢᠶ᠎ᠠ᠂ ᠪᠠᠶᠢᠴᠠᠭᠠᠬᠤ ᠬᠤᠷᠢᠶ᠎ᠠ ᠶᠢᠨ ᠪᠠᠶᠢᠭᠤᠯᠭ᠎ᠠ᠂ ᠡᠯ᠎ᠡ ᠱᠠᠲᠤᠨ ᠤ ᠠᠷᠠᠳᠴᠢᠯᠠᠭᠰᠠᠨ ᠨᠠᠮ ᠪᠦᠯᠦᠭ ᠤᠨ ᠪᠠᠶᠢᠭᠤᠯᠭ᠎ᠠ ᠶᠢᠨ ᠡᠷᠬᠢᠨ ᠲᠤᠭᠤᠷᠢᠨ︔      7. ᠲᠡᠷᠬᠡᠨ ᠦᠷᠲᠡᠭᠡ᠂ ᠨᠢᠰᠭᠡᠯ ᠤᠨ ᠪᠠᠭᠤᠳᠠᠯ ᠵᠡᠷᠭᠡ ᠬᠦᠮᠦᠰ ᠬᠤᠷᠠᠵᠤ ᠴᠤᠭᠯᠠᠷᠠᠬᠤ ᠭᠠᠵᠠᠷ︔      8. ᠪᠠᠷᠢᠯᠭ᠎ᠠ ᠶᠢᠨ ᠭᠠᠵᠠᠷ ᠳᠤᠤᠷᠠᠬᠢ ᠨᠢᠭᠡᠳᠦᠭᠡᠷ ᠳᠠᠪᠬᠤᠷᠭ᠎ᠠ ᠠᠴᠠ ᠳᠤᠷᠤᠭᠰᠢ ︵ᠭᠠᠵᠠᠷ ᠳᠤᠤᠷᠠᠬᠢ ᠨᠢᠭᠡᠳᠦᠭᠡᠷ ᠳᠠᠪᠬᠤᠷᠭ᠎ᠠ ᠪᠠᠭᠲᠠᠬᠤ ᠦᠭᠡᠢ︶︔      9. ᠠᠶᠤᠯᠲᠠᠢ ᠬᠢᠮᠢ ᠶᠢᠨ ᠡᠳ᠋ ᠤᠨ ᠬᠦᠮᠦᠷᠭᠡ ᠯᠦᠭᠡ ᠵᠠᠬ᠎ᠠ ᠨᠡᠶᠢᠯᠡᠵᠦ ᠪᠠᠶᠢᠭ᠎ᠠ ᠤᠷᠤᠨ᠂ ᠠᠶᠤᠯᠲᠠᠢ ᠬᠢᠮᠢ ᠶᠢᠨ ᠡᠳ᠋ ᠤᠨ ᠬᠦᠮᠦᠷᠭᠡ ᠯᠦᠭᠡ ᠶᠢᠨ ᠵᠠᠢ ᠨᠢ ︽ᠠᠶᠤᠯᠲᠠᠢ ᠬᠢᠮᠢ ᠶᠢᠨ ᠡᠳ᠋ ᠤᠨ ᠠᠮᠤᠷ ᠲᠦᠪᠰᠢᠨ ᠤ ᠬᠠᠮᠢᠶᠠᠷᠤᠯᠲᠠ ᠶᠢᠨ ᠳᠦᠷᠢᠮ︾᠎ ᠤᠨ ᠬᠤᠯᠪᠤᠭᠳᠠᠯ ᠪᠦᠬᠦᠢ ᠲᠤᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠲᠠᠢ᠃      ︵ᠭᠤᠷᠪᠠ︶ ᠨᠠᠶᠢᠷ ᠨᠠᠭᠠᠳᠤᠮ ᠤᠨ ᠭᠠᠵᠠᠷ ᠪᠠᠶᠢᠭᠤᠯᠬᠤ      1. ᠡᠵᠡᠩᠨᠡᠬᠦ ᠠᠵᠢᠯᠯᠠᠭ᠎ᠠ ᠯᠤᠭ᠎ᠠ ᠲᠤᠬᠢᠷᠠᠯᠴᠠᠭᠰᠠᠨ ᠪᠡᠯᠡᠳᠭᠡᠮᠵᠢ ᠲᠦᠬᠦᠭᠡᠷᠦᠮᠵᠢ ᠲᠠᠢ ᠪᠠᠶᠢᠵᠤ᠂ ᠬᠠᠨᠭ᠍ᠭᠠᠬᠤ ᠰᠤᠶᠤᠯ ᠤᠨ ᠪᠦᠲᠦᠭᠡᠭᠳᠡᠭᠦᠨ ᠤ ᠠᠭᠤᠯᠭ᠎ᠠ ᠨᠢ ᠰᠤᠶᠤᠯ ᠤᠨ ᠪᠦᠲᠦᠭᠡᠭᠳᠡᠭᠦᠨ ᠦᠢᠯᠡᠳᠪᠦᠷᠢᠯᠡᠬᠦ᠂ ᠬᠡᠪᠯᠡᠬᠦ᠂ ᠭᠠᠳᠠᠭᠠᠲᠤ ᠠᠴᠠ ᠤᠷᠤᠭᠤᠯᠬᠤ ᠲᠤᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠲᠠᠢ︔       2. ᠳᠠᠭᠤᠤ ᠪᠦᠵᠢᠭ ᠨᠠᠶᠢᠷ ᠨᠠᠭᠠᠳᠤᠮ ᠤᠨ ᠭᠠᠵᠠᠷ ᠤᠨ ᠡᠵᠡᠩᠨᠡᠬᠦ ᠲᠠᠯᠠᠪᠠᠢ ᠶᠢ 200 ᠲᠡᠭᠰᠢ ᠳᠦᠷᠪᠡᠯᠵᠢᠨ ᠮᠧᠳ᠋ᠷ ᠠᠴᠠ ᠳᠤᠲᠠᠭᠤ ᠪᠠᠶᠢᠯᠭᠠᠵᠤ ᠪᠤᠯᠬᠤ ᠦᠭᠡᠢ᠂ ᠳᠤᠲᠤᠷ᠎ᠠ ᠨᠢ ᠵᠢᠵᠢᠭ ᠲᠠᠰᠤᠯᠭ᠎ᠠ᠂ ᠲᠤᠰᠬᠠᠢ ᠦᠷᠦᠬᠡ ᠲᠠᠢ ᠪᠤᠯ ᠵᠢᠵᠢᠭ ᠲᠠᠰᠤᠯᠭ᠎ᠠ᠂ ᠲᠤᠰᠬᠠᠢ ᠦᠷᠦᠬᠡ ᠨᠢᠭᠡᠪᠦᠷᠢ ᠶᠢᠨ ᠡᠵᠡᠩᠨᠡᠬᠦ ᠲᠠᠯᠠᠪᠠᠢ ᠶᠢ 8 ᠲᠡᠭᠰᠢ ᠳᠦᠷᠪᠡᠯᠵᠢᠨ ᠮᠧᠳ᠋ᠷ ᠠᠴᠠ ᠳᠤᠲᠠᠭᠤ ᠪᠠᠶᠢᠯᠭᠠᠵᠤ ᠪᠤᠯᠬᠤ ᠦᠭᠡᠢ᠃ ᠭᠠᠭᠴᠠ ᠬᠡᠷᠡᠭᠯᠡᠭᠴᠢ ᠬᠦᠮᠦᠨ ᠪᠦᠷᠢ ᠳᠤ ᠳᠤᠮᠳᠠᠴᠢ ᠪᠠᠷ ᠨᠤᠭᠲᠠᠬᠤ ᠡᠵᠡᠩᠨᠡᠯᠲᠡ ᠶᠢᠨ ᠲᠠᠯᠠᠪᠠᠢ ᠶᠢ 1.5 ᠲᠡᠭᠰᠢ ᠳᠦᠷᠪᠡᠯᠵᠢᠨ ᠮᠧᠳ᠋ᠷ ᠠᠴᠠ ᠳᠤᠲᠠᠭᠤ ᠪᠠᠶᠢᠯᠭᠠᠵᠤ ᠪᠤᠯᠬᠤ ᠦᠭᠡᠢ᠃       3. ᠠᠮᠤᠷ ᠢ ᠬᠠᠮᠠᠭᠠᠯᠬᠤ ᠬᠠᠮᠢᠶᠠᠷᠤᠯᠲᠠ᠂ ᠭᠠᠯ ᠤᠨᠲᠠᠷᠠᠭᠠᠵᠤ ᠠᠶᠤᠯ ᠠᠴᠠ ᠬᠠᠮᠠᠭᠠᠯᠠᠬᠤ᠂ ᠤᠷᠴᠢᠨ ᠲᠤᠭᠤᠷᠢᠨ ᠤ ᠱᠤᠤᠬᠢᠶᠠᠨ ᠵᠡᠷᠭᠡ ᠨᠢ ᠤᠯᠤᠰ ᠤᠨ ᠬᠠᠮᠢᠶ᠎ᠠ ᠪᠦᠬᠦᠢ ᠲᠤᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠲᠠᠢ᠃      ᠳᠤᠯᠤᠭ᠎ᠠ᠂ ᠭᠤᠶᠤᠴᠢᠯᠠᠬᠤ ᠠᠷᠭ᠎ᠠ ᠮᠠᠶ᠋ᠢᠭ ᠲᠤᠬᠠᠢ ᠶᠢᠨ ᠲᠠᠯᠠᠪᠠᠢ ᠳᠤ ᠭᠤᠶᠤᠴᠢᠯᠠᠨ᠎ᠠ᠃      ᠨᠶᠢᠮᠠ᠂ ᠵᠠᠰᠠᠭ ᠵᠠᠬᠢᠷᠭᠠᠨ ᠤ ᠵᠢᠯᠤᠭᠤᠳᠤᠯᠭ᠎ᠠ      ︵ᠨᠢᠭᠡ︶ ᠪᠡᠯᠡᠳᠭᠡᠨ ᠪᠠᠶᠢᠭᠤᠯᠤᠭᠴᠢ ᠵᠠᠰᠠᠭ ᠵᠠᠬᠢᠷᠭᠠᠨ ᠢᠶᠠᠷ ᠵᠢᠯᠤᠭᠤᠳᠤᠭᠤᠯᠬᠤ ᠴᠢᠬᠤᠯᠠᠲᠠᠢ ᠪᠤᠯ ᠠᠶᠢᠮᠠᠭ ᠬᠤᠲᠠ ᠶᠢᠨ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ︽ᠨᠠᠶᠢᠷ ᠨᠠᠭᠠᠳᠤᠮ ᠪᠡᠯᠡᠳᠭᠡᠨ ᠪᠠᠶᠢᠭᠤᠯᠬᠤ ᠯᠠᠪᠯᠠᠯᠭ᠎ᠠ ᠶᠢᠨ ᠭᠤᠶᠤᠴᠢᠯᠠᠯ ᠤᠨ ᠬᠦᠰᠦᠨᠦᠭᠲᠦ︾᠎ ᠶᠢ ᠲᠤᠰᠢᠶᠠᠬᠤ ᠬᠡᠷᠡᠭᠲᠠᠢ︔      ︵ᠬᠤᠶᠠᠷ︶ ᠭᠤᠶᠤᠴᠢᠯᠠᠭᠰᠠᠨ ᠯᠠᠪᠯᠠᠯᠭ᠎ᠠ ᠠᠪᠬᠤ ᠵᠦᠢᠯᠡᠰ ᠨᠢ ᠬᠠᠤᠯᠢ ᠴᠠᠭᠠᠵᠠ ᠬᠠᠤᠯᠢ ᠲᠤᠭᠲᠠᠭᠠᠯ᠂ ᠪᠠᠶᠢᠭᠤᠯᠬᠤ ᠳᠡᠰ ᠳᠠᠷᠠᠭᠠᠯᠠᠯ ᠵᠡᠷᠭᠡ ᠶᠢᠨ ᠠᠭᠤᠯᠭ᠎ᠠ ᠪᠠᠶᠢᠪᠠᠯ᠂ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠴᠠᠭ ᠲᠤᠬᠠᠢ ᠳᠤᠨᠢ ᠪᠡᠯᠡᠳᠭᠡᠨ ᠪᠠᠶᠢᠭᠤᠯᠤᠭᠴᠢ ᠳᠤ ᠮᠡᠳᠡᠭᠳᠡᠭᠦ ᠬᠡᠷᠡᠭᠲᠠᠢ︔ ᠪᠡᠯᠡᠳᠭᠡᠨ ᠪᠠᠶᠢᠭᠤᠯᠤᠭᠴᠢ ᠪᠢᠴᠢᠭ ᠢᠶᠠᠷ ᠬᠠᠷᠢᠭᠤ ᠠᠪᠬᠤ ᠶᠢ ᠱᠠᠭᠠᠷᠳᠠᠭᠰᠠᠨ ᠪᠤᠯ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠪᠡᠯᠡᠳᠭᠡᠨ ᠪᠠᠶᠢᠭᠤᠯᠬᠤ ᠶᠢᠨ ᠯᠠᠪᠯᠠᠯᠭ᠎ᠠ ᠠᠪᠬᠤ ᠭᠤᠶᠤᠴᠢᠯᠠᠯ ᠢ ᠤᠯᠤᠭᠰᠠᠨ ᠡᠳᠦᠷ ᠠᠴᠠ ᠡᠬᠢᠯᠡᠨ 5 ᠡᠳᠦᠷ ᠤᠨ ᠳᠤᠲᠤᠷ᠎ᠠ ᠬᠠᠷᠢᠭᠤ ᠦᠭᠬᠦ ᠬᠡᠷᠡᠭᠲᠠᠢ᠃     ︵ᠭᠤᠷᠪᠠ︶ ᠭᠤᠶᠤᠴᠢᠯᠠᠭᠰᠠᠨ ᠯᠠᠪᠯᠠᠯᠭ᠎ᠠ ᠠᠪᠬᠤ ᠵᠦᠢᠯᠡᠰ ᠨᠢ ᠲᠤᠬᠠᠢ ᠶᠢᠨ ᠲᠠᠯᠠᠪᠠᠢ ᠳᠤ ᠵᠢᠯᠤᠭᠤᠳᠬᠤ ᠵᠦᠢᠯ ᠪᠠᠶᠢᠪᠠᠯ᠂ ᠪᠡᠯᠡᠳᠭᠡᠨ ᠪᠠᠶᠢᠭᠤᠯᠤᠭᠴᠢ ᠭᠡᠷ ᠭᠠᠵᠠᠷ ᠬᠦᠷᠦᠩᠭᠡ ᠶᠢᠨ ᠡᠷᠭᠡ ᠶᠢᠨ ᠬᠠᠷᠢᠶ᠎ᠠ ᠶᠢᠨ ᠦᠨᠡᠮᠯᠡᠯ ᠢ ᠬᠠᠮᠲᠤ ᠳᠤᠨᠢ ᠲᠤᠰᠢᠶᠠᠬᠤ ᠬᠡᠷᠡᠭᠲᠠᠢ᠂ ᠲᠠᠯᠠᠪᠤᠷ ᠳᠦᠷᠢᠶᠡᠰᠦᠯᠡᠨ ᠡᠵᠡᠩᠨᠡᠪᠡᠯ ᠪᠠᠰᠠ ᠲᠦᠷᠢᠶᠡᠰᠦᠯᠡᠬᠦ ᠬᠡᠷ᠎ᠡ ᠪᠤᠶᠤ ᠳᠦᠷᠢᠶᠡᠰᠦᠯᠡᠬᠦ ᠰᠠᠨᠠᠮᠵᠢ ᠪᠢᠴᠢᠭ ᠲᠤᠰᠢᠶᠠᠬᠤ ᠬᠡᠷᠡᠭᠲᠠᠢ᠂ ᠠᠶᠢᠮᠠᠭ ᠬᠤᠲᠠ ᠶᠢᠨ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠪᠡᠯᠡᠳᠭᠡᠨ ᠪᠠᠶᠢᠭᠤᠯᠬᠤ ᠯᠠᠪᠯᠠᠯᠭ᠎ᠠ ᠶᠢᠨ ᠭᠤᠶᠤᠴᠢᠯᠠᠯ ᠤᠨ ᠪᠢᠴᠢᠭ ᠢ ᠤᠯᠤᠭᠰᠠᠨ ᠡᠳᠦᠷ ᠠᠴᠠ ᠡᠬᠢᠯᠡᠨ 10 ᠡᠳᠦᠷ ᠤᠨ ᠳᠤᠲᠤᠷ᠎ᠠ᠂ ᠨᠠᠶᠢᠷ ᠨᠠᠭᠠᠳᠤᠮ ᠤᠨ ᠭᠠᠵᠠᠷ ᠪᠠᠶᠢᠭᠤᠯᠬᠤ ᠰᠤᠶᠤᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠲᠤ ᠨᠠᠶᠢᠳᠠᠬᠤ ᠪᠤᠶᠤ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠬᠦ ᠪᠠᠶᠢᠭᠤᠯᠤᠮᠵᠢ ᠲᠤᠬᠠᠢ ᠶᠢᠨ ᠲᠠᠯᠠᠪᠠᠢ ᠳᠤ ᠬᠦᠷᠴᠦ ᠵᠢᠯᠤᠭᠤᠳᠬᠤ ᠶᠢᠨ ᠬᠠᠮᠲᠤ ᠵᠠᠰᠠᠭ ᠵᠠᠬᠢᠷᠭᠠᠨ ᠢᠶᠠᠷ ᠵᠢᠯᠤᠭᠤᠳᠤᠭᠰᠠᠨ ᠰᠠᠨᠠᠯ ᠤᠨ ᠪᠢᠴᠢᠭ ᠬᠢᠵᠤ ᠦᠭᠬᠦ ᠬᠡᠷᠡᠭᠲᠠᠢ᠃       ᠶᠢᠰᠦ᠂ ᠭᠤᠶᠤᠴᠢᠯᠠᠬᠤ ᠮᠠᠲ᠋ᠧᠷᠢᠶᠠᠯ᠄       ︵ᠨᠢᠭᠡ︶ ᠮᠠᠲ᠋ᠧᠷᠢᠶᠠᠯ ᠤᠨ ᠨᠠᠷᠢᠨ ᠳᠠᠩᠰᠠ      1. ᠪᠠᠶᠢᠭᠤᠯᠬᠤ      ︵1︶ ᠨᠠᠶᠢᠷ ᠨᠠᠭᠠᠳᠤᠮ ᠤᠨ ᠭᠠᠵᠠᠷ ᠪᠠᠶᠢᠭᠤᠯᠬᠤ ᠭᠤᠶᠤᠴᠢᠯᠠᠯ ᠤᠨ ᠬᠦᠰᠦᠨᠦᠭᠲᠦ︔      ︵2︶ ᠠᠵᠤ ᠠᠬᠤᠶᠢᠯᠠᠯ ᠤᠨ ᠨᠡᠷᠡᠶᠢᠳᠦᠯ ᠢ ᠤᠷᠢᠳᠴᠢᠯᠠᠨ ᠬᠢᠨᠠᠨ ᠵᠦᠪᠰᠢᠶᠡᠷᠡᠭᠦ ᠮᠡᠳᠡᠭᠳᠡᠯ ᠤᠨ ᠪᠢᠴᠢᠭ ᠪᠤᠶᠤ ᠡᠵᠡᠩᠨᠡᠯᠲᠡ ᠶᠢᠨ ᠦᠨᠡᠮᠯᠡᠯ︔       ︵3︶ ᠵᠤᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠪᠠ ᠳᠦᠷᠢᠮ︔     ︵4︶ ᠪᠡᠯᠡ ᠤᠷᠤᠭᠤᠯᠤᠭᠴᠢ᠂ ᠲᠤᠮᠢᠯᠠᠬᠤ ᠪᠠᠷ ᠪᠠᠶᠢᠭ᠎ᠠ ᠬᠠᠤᠯᠢ ᠪᠠᠷ ᠲᠤᠭᠲᠠᠭᠠᠭᠰᠠᠨ ᠲᠦᠯᠦᠭᠡᠯᠡᠭᠴᠢ ᠪᠠ ᠭᠤᠤᠯ ᠪᠤᠯᠬᠤ ᠬᠠᠷᠢᠭᠤᠴᠠᠯᠭᠠᠲᠠᠨ ᠤ ᠪᠡᠶ᠎ᠡ ᠶᠢᠨ ᠭᠡᠷᠡᠴᠢ ᠵᠢᠴᠢ ︽ᠳᠦᠷᠢᠮ︾᠎ ᠤᠨ ᠳᠦᠷᠪᠡᠳᠦᠭᠡᠷ ᠵᠦᠢᠯ᠂ ᠲᠠᠪᠤᠳᠤᠭᠠᠷ ᠵᠦᠢᠯ᠂ ᠲᠠᠪᠢᠨ ᠬᠤᠶᠠᠳᠤᠭᠠᠷ ᠵᠦᠢᠯ ᠳᠤ ᠲᠤᠭᠲᠠᠭᠠᠭᠰᠠᠨ ᠪᠠᠶᠢᠳᠠᠯ ᠦᠭᠡᠢ ᠶᠢᠨ ᠪᠢᠴᠢᠭᠯᠡᠭᠰᠡᠨ ᠢᠯᠡᠷᠭᠡᠶᠢᠯᠡᠯᠲᠡ︔      ︵5︶ ᠬᠡᠷ ᠭᠠᠵᠠᠷ ᠬᠦᠷᠦᠩᠭᠡ ᠶᠢᠨ ᠡᠷᠭᠡ ᠶᠢᠨ ᠦᠨᠡᠮᠯᠡᠯ᠃ ᠲᠠᠯᠠᠪᠤᠷ ᠳᠦᠷᠢᠶᠡᠰᠦᠯᠡᠨ ᠡᠵᠡᠩᠨᠡᠪᠡᠯ᠂ ᠪᠠᠰᠠ ᠳᠦᠷᠢᠶᠡᠰᠦᠯᠡᠬᠦ ᠬᠡᠷ᠎ᠡ ᠪᠤᠶᠤ ᠳᠦᠷᠢᠶᠡᠰᠦᠯᠡᠬᠦ ᠰᠠᠨᠠᠮᠵᠢ ᠪᠢᠴᠢᠭ ᠲᠤᠰᠢᠶᠠᠬᠤ ᠬᠡᠷᠡᠭᠲᠠᠢ᠃      ︵6︶ ᠡᠵᠡᠩᠨᠡᠬᠦ ᠭᠠᠵᠠᠷ ᠤᠨ ᠭᠠᠵᠠᠷ ᠵᠦᠢ ᠶᠢᠨ ᠪᠠᠶᠢᠷᠢᠯᠠᠯ ᠤᠨ ᠵᠢᠷᠤᠭ ︵ᠰᠡᠳᠥᠪ ᠲᠤᠬᠢᠷᠠᠭᠤᠯᠵᠤ᠂ ᠡᠷᠬᠢᠨ ᠲᠤᠭᠤᠷᠢᠨ ᠤ 200 ᠮᠧᠳ᠋ᠷ ᠤᠨ ᠳᠤᠲᠤᠷᠠᠬᠢ ᠰᠠᠭᠤᠭᠠᠯᠢ ᠠᠷᠠᠳ ᠤᠨ ᠲᠤᠭᠤᠷᠢᠭ᠂ ᠵᠠᠮ ᠬᠢᠭᠡᠳ ᠡᠷᠬᠢᠨ ᠲᠤᠭᠤᠷᠢᠨ ᠳᠠᠬᠢ ᠡᠮᠨᠡᠯᠭᠡ ᠶᠢᠨ ᠬᠤᠷᠢᠶ᠎ᠠ᠂ ᠰᠤᠷᠭᠠᠭᠤᠯᠢ᠂ ᠪᠠᠶᠢᠭᠤᠯᠭ᠎ᠠ᠂ ᠬᠢᠮᠢ ᠶᠢᠨ ᠡᠳ᠋ ᠤᠨ ᠬᠦᠮᠦᠷᠭᠡ ᠵᠡᠷᠭᠡ ᠶᠢᠨ ᠪᠠᠶᠢᠷᠢᠯᠠᠯ ᠢ ᠲᠤᠲᠤᠷᠬᠠᠶᠢᠯᠠᠨ᠎ᠠ︶︔       ︵7︶ ᠲᠠᠯᠠᠪᠤᠷ ᠤᠨ ᠳᠤᠲᠤᠷᠠᠬᠢ ᠪᠦᠲᠦᠴᠡ ᠶᠢᠨ ᠬᠠᠪᠲᠠᠭᠠᠢ ᠵᠢᠷᠤᠭ᠂ ᠵᠢᠵᠢᠭ ᠲᠠᠰᠤᠯᠭ᠎ᠠ᠂ ᠲᠤᠰᠬᠠᠢ ᠦᠷᠦᠭᠡ ᠶᠢᠨ ᠲᠠᠯᠠᠪᠠᠢ ᠬᠢᠭᠡᠳ ᠪᠠᠶᠢᠷᠢᠯᠠᠯ ᠢ ᠲᠤᠲᠤᠷᠬᠠᠶᠢᠯᠠᠨ᠎ᠠ︔      ︵8︶ ᠳᠤᠲᠤᠭᠠᠲᠤ ᠶᠢ ᠬᠠᠮᠠᠭᠠᠯᠠᠬᠤ ᠭᠠᠯ ᠤᠨᠲᠠᠷᠠᠭᠠᠬᠤ ᠰᠠᠯᠠᠭ᠎ᠠ ᠮᠦᠴᠢᠷ ᠤᠨ ᠬᠢᠵᠤ ᠦᠭᠭᠦᠭᠰᠡᠨ ︽ᠤᠯᠠᠨ ᠨᠡᠶᠢᠲᠡ ᠶᠢᠨ ᠬᠤᠷᠠᠵᠤ ᠴᠤᠭᠯᠠᠷᠠᠬᠤ ᠭᠠᠵᠠᠷ ᠢ ᠠᠰᠢᠭᠯᠠᠯᠲᠠ ᠳᠤ ᠤᠷᠤᠭᠤᠯᠵᠤ ᠬᠡᠷᠡᠭᠯᠡᠬᠦ᠂ ᠡᠵᠡᠩᠨᠡᠬᠦ ᠠᠴᠠ ᠡᠮᠦᠨᠡᠬᠢ ᠭᠠᠯ ᠤᠨᠲᠠᠷᠠᠭᠠᠵᠤ ᠠᠶᠤᠯ ᠠᠴᠠ ᠬᠠᠮᠠᠭᠠᠯᠠᠬᠤ ᠪᠠᠶᠢᠴᠠᠭᠠᠯᠲᠠ ᠳᠤ ᠬᠢᠷᠢ ᠲᠡᠩᠴᠡᠭᠰᠡᠨ ᠦᠨᠡᠮᠯᠡᠯ︾︔        ︵9︶ ᠤᠷᠴᠢᠨ ᠲᠤᠭᠤᠷᠢᠨ ᠤ ᠬᠠᠮᠠᠭᠠᠯᠠᠯᠲᠠ ᠶᠢᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠵᠤ ᠦᠭᠭᠦᠭᠰᠡᠨ ᠵᠦᠪᠰᠢᠶᠡᠷᠡᠭᠰᠡᠨ ᠪᠢᠴᠢᠭ ᠮᠠᠲ᠋ᠧᠷᠢᠶᠠᠯ︔        ︵10︶ ᠭᠠᠳᠠᠭᠠᠲᠤ ᠶᠢᠨ ᠬᠤᠳᠠᠯᠳᠤᠭᠠᠴᠢᠨ ᠤ ᠪᠡᠯᠡ ᠤᠷᠤᠭᠤᠯᠬᠤ ᠬᠠᠤᠯᠢ ᠴᠠᠭᠠᠵᠠ ᠬᠠᠤᠯᠢ ᠲᠤᠭᠲᠠᠭᠠᠯ ᠳᠤ ᠲᠤᠭᠲᠠᠭᠠᠭᠰᠠᠨ ᠲᠤᠰᠢᠶᠠᠬᠤ ᠬᠤᠯᠪᠤᠭᠳᠠᠯ ᠪᠦᠬᠦᠢ ᠪᠢᠴᠢᠭ ᠮᠠᠲ᠋ᠧᠷᠢᠶᠠᠯ᠃       2. ᠡᠵᠡᠩᠨᠡᠯᠲᠡ ᠶᠢᠨ ᠭᠠᠵᠠᠷ ᠢ ᠦᠭᠡᠷᠡᠴᠢᠯᠡᠨ ᠪᠠᠶᠢᠭᠤᠯᠬᠤ᠂ ᠦᠷᠭᠡᠳᠭᠡᠨ ᠪᠠᠶᠢᠭᠤᠯᠬᠤ ᠪᠤᠶᠤ ᠲᠠᠯᠠᠪᠤᠷ ᠢ ᠨᠢ ᠬᠤᠪᠢᠷᠠᠭᠠᠬᠤ       ︵1︶ ᠨᠠᠶᠢᠷ ᠨᠠᠭᠠᠳᠤᠮ ᠤᠨ ᠭᠠᠵᠠᠷ ᠢ ᠬᠤᠪᠢᠷᠠᠭᠠᠬᠤ ᠭᠤᠶᠤᠴᠢᠯᠠᠯ ᠤᠨ ᠪᠦᠷᠢᠳᠭᠡᠭᠦᠯᠬᠦ ᠬᠦᠰᠦᠨᠦᠭᠲᠦ︔      ︵2︶ ︽ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ︾᠎ ᠤᠨ ᠵᠢᠩᠬᠢᠨᠢ᠂ ᠬᠠᠭᠤᠯᠪᠤᠷᠢ ᠳᠡᠪᠲᠡᠷ      ︵3︶ ᠠᠵᠤ ᠦᠢᠯᠡᠳᠪᠦᠷᠢ ᠬᠤᠳᠠᠯᠳᠤᠭᠠᠨ ᠤ ᠡᠵᠡᠩᠨᠡᠯᠲᠡ ᠶᠢᠨ ᠦᠨᠡᠮᠯᠡᠯ ᠤᠨ ᠬᠠᠭᠤᠯᠪᠤᠷᠢ ᠳᠡᠪᠲᠡᠷ︔      ︵4︶ ᠬᠡᠷ ᠭᠠᠵᠠᠷ ᠬᠦᠷᠦᠩᠭᠡ ᠶᠢᠨ ᠡᠷᠬᠡ ᠶᠢᠨ ᠬᠠᠷᠢᠶ᠎ᠠ ᠶᠢᠨ ᠦᠨᠡᠮᠯᠡᠯ᠃ ᠲᠡᠯᠠᠪᠤᠷ ᠳᠦᠷᠢᠶᠡᠰᠦᠯᠡᠨ ᠡᠵᠡᠩᠨᠡᠭᠰᠡᠨ ᠪᠤᠯ ᠪᠠᠰᠠ ᠳᠦᠷᠢᠶᠡᠰᠦᠯᠡᠬᠦ ᠬᠡᠷ᠎ᠡ ᠪᠤᠶᠤ ᠳᠦᠷᠢᠶᠡᠰᠦᠯᠡᠬᠦ ᠰᠠᠨᠠᠮᠵᠢ ᠪᠢᠴᠢᠭ ᠲᠤᠰᠢᠶᠠᠬᠤ ᠬᠡᠷᠡᠭᠲᠠᠢ︔      ︵5︶ ᠡᠵᠡᠩᠨᠡᠯᠲᠡ ᠶᠢᠨ ᠭᠠᠵᠠᠷ ᠤᠨ ᠭᠠᠵᠠᠷ ᠵᠦᠢ ᠶᠢᠨ ᠪᠠᠶᠢᠷᠢᠯᠠᠯ ᠤᠨ ᠵᠢᠷᠤᠭ ︵ᠰᠡᠳᠥᠪ ᠲᠤᠬᠢᠷᠠᠭᠤᠯᠵᠤ᠂ ᠰᠠᠭᠤᠭᠠᠯᠢ ᠠᠷᠠᠳ ᠤᠨ ᠲᠤᠭᠤᠷᠢᠭ᠂ ᠵᠠᠮ ᠬᠢᠭᠡᠳ ᠡᠷᠬᠢᠨ ᠲᠤᠭᠤᠷᠢᠨ ᠳᠠᠬᠢ ᠡᠮᠨᠡᠯᠭᠡ ᠶᠢᠨ ᠬᠤᠷᠢᠶ᠎ᠠ᠂ ᠰᠤᠷᠭᠠᠭᠤᠯᠢ᠂ ᠪᠠᠶᠢᠭᠤᠯᠭ᠎ᠠ᠂ ᠬᠢᠮᠢ ᠶᠢᠨ ᠡᠳ᠋ ᠤᠨ ᠬᠦᠮᠦᠷᠭᠡ ᠵᠡᠷᠭᠡ ᠶᠢᠨ ᠪᠠᠶᠢᠷᠢᠯᠠᠯ ᠢ ᠲᠤᠲᠤᠷᠬᠠᠶᠢᠯᠠᠨ ᠲᠠᠮᠳᠡᠭᠯᠡᠨ᠎ᠡ ︶︔      ︵6︶ ᠲᠠᠯᠠᠪᠤᠷ ᠤᠨ ᠳᠤᠲᠤᠷᠠᠬᠢ ᠪᠦᠲᠦᠴᠡ ᠶᠢᠨ ᠬᠠᠪᠲᠠᠭᠠᠢ ᠵᠢᠷᠤᠭ᠂ ᠵᠢᠵᠢᠭ ᠲᠠᠰᠤᠯᠭ᠎ᠠ᠂ ᠲᠤᠰᠬᠠᠢ ᠦᠷᠦᠭᠡ ᠶᠢᠨ ᠲᠠᠯᠠᠪᠠᠢ ᠬᠢᠭᠡᠳ ᠪᠠᠶᠢᠷᠢᠯᠠᠯ ᠢ ᠲᠤᠲᠤᠷᠬᠠᠶᠢᠯᠠᠨ᠎ᠠ︔      ︵7︶ ᠳᠤᠲᠤᠭᠠᠲᠤ ᠶᠢ ᠬᠠᠮᠠᠭᠠᠯᠠᠬᠤ ᠭᠠᠯ ᠤᠨᠲᠠᠷᠠᠭᠠᠬᠤ ᠰᠠᠯᠠᠭ᠎ᠠ ᠮᠦᠴᠢᠷ ᠤᠨ ᠬᠢᠵᠤ ᠦᠭᠬᠦᠭᠰᠡᠨ ︽ᠣᠯᠠᠨ ᠨᠡᠶᠢᠲᠡ ᠶᠢᠨ ᠬᠤᠷᠠᠵᠤ ᠴᠤᠭᠯᠠᠷᠠᠬᠤ ᠭᠠᠵᠠᠷ ᠢ ᠠᠰᠢᠭᠯᠠᠯᠲᠠ ᠳᠤ ᠤᠷᠤᠭᠤᠯᠤᠨ ᠬᠡᠷᠡᠭᠯᠡᠬᠦ᠂ ᠡᠵᠡᠩᠨᠡᠬᠦ ᠠᠴᠠ ᠡᠮᠦᠨᠡᠬᠢ ᠭᠠᠯ ᠤᠨᠲᠠᠷᠠᠭᠠᠵᠤ ᠠᠶᠤᠯ ᠠᠴᠠ ᠬᠠᠮᠠᠭᠠᠯᠠᠬᠤ ᠪᠠᠶᠢᠴᠠᠭᠠᠯᠲᠠ ᠳᠤ ᠬᠢᠷᠢ ᠲᠡᠩᠴᠡᠭᠰᠡᠨ ᠦᠨᠡᠮᠯᠡᠯ︾︔      ︵8︶ ᠤᠷᠴᠢᠨ ᠲᠤᠭᠤᠷᠢᠨ ᠤ ᠬᠠᠮᠠᠭᠠᠯᠠᠯᠲᠠ ᠶᠢᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠵᠤ ᠦᠭᠬᠦᠭᠰᠡᠨ ᠵᠦᠪᠰᠢᠶᠡᠷᠡᠭᠰᠡᠨ ᠪᠢᠴᠢᠭ ᠮᠠᠲ᠋ᠧᠷᠢᠶᠠᠯ᠃      3. ᠬᠠᠤᠯᠢ ᠪᠠᠷ ᠲᠤᠭᠲᠠᠭᠠᠭᠰᠠᠨ ᠲᠦᠯᠦᠭᠡᠯᠡᠭᠴᠢ᠂ ᠭᠤᠤᠯ ᠪᠤᠯᠬᠤ ᠬᠠᠷᠢᠭᠤᠴᠠᠯᠭᠠᠲᠠᠨ᠂ ᠪᠡᠯᠡ ᠤᠷᠤᠭᠤᠯᠤᠭᠰᠠᠨ ᠬᠦᠮᠦᠰ ᠢ ᠬᠤᠪᠢᠷᠠᠭᠠᠬᠤ      ︵1︶ ᠨᠠᠶᠢᠷ ᠨᠠᠶᠢᠷ ᠨᠠᠭᠠᠳᠤᠮ ᠤᠨ ᠭᠠᠵᠠᠷ ᠢ ᠬᠤᠪᠢᠷᠠᠭᠠᠬᠤ ᠭᠤᠶᠤᠴᠢᠯᠠᠯ ᠤᠨ ᠪᠦᠷᠢᠳᠭᠡᠭᠦᠯᠬᠦ ᠬᠦᠰᠦᠨᠦᠭᠲᠦ︔      ︵2︶ ︽ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ︾᠎ ᠤᠨ ᠵᠢᠩᠬᠢᠨᠢ᠂ ᠬᠠᠭᠤᠯᠪᠤᠷᠢ ᠳᠡᠪᠲᠡᠷ      ︵3︶ ᠠᠵᠤ ᠦᠢᠯᠡᠳᠪᠦᠷᠢ ᠬᠤᠳᠠᠯᠳᠤᠭᠠᠨ ᠤ ᠡᠵᠡᠩᠨᠡᠯᠲᠡ ᠶᠢᠨ ᠦᠨᠡᠮᠯᠡᠯ ᠤᠨ ᠬᠠᠭᠤᠯᠪᠤᠷᠢ ᠳᠡᠪᠲᠡᠷ︔      ︵4︶ ᠬᠤᠪᠢᠷᠠᠭᠠᠬᠤ ᠪᠠᠷ ᠪᠠᠶᠢᠭ᠎ᠠ ᠬᠦᠮᠦᠰ ᠤᠨ ᠪᠡᠶ᠎ᠡ ᠶᠢᠨ ᠬᠡᠷᠡᠴᠢ︔      ︵5︶ ᠬᠤᠪᠢᠷᠠᠭᠠᠬᠤ ᠪᠠᠷ ᠪᠠᠶᠢᠭ᠎ᠠ ᠬᠦᠮᠦᠰ ᠤᠨ ︽ᠳᠦᠷᠢᠮ︾᠎ ᠤᠨ ᠳᠦᠷᠪᠡᠳᠦᠭᠡᠷ ᠵᠦᠢᠯ᠂ ᠲᠠᠪᠤᠳᠤᠭᠠᠷ ᠵᠦᠢᠯ᠂ ᠲᠠᠪᠢᠨ ᠬᠤᠶᠠᠳᠤᠭᠠᠷ ᠵᠦᠢᠯ ᠳᠤ ᠲᠤᠭᠲᠠᠭᠠᠭᠰᠠᠨ ᠪᠠᠶᠢᠳᠠᠯ ᠦᠭᠡᠢ ᠶᠢᠨ ᠪᠢᠴᠢᠭᠯᠡᠭᠰᠡᠨ ᠢᠯᠡᠷᠭᠡᠶᠢᠯᠡᠯᠲᠡ︔      4. ᠨᠡᠷᠡᠶᠢᠳᠦᠯ ᠬᠤᠪᠢᠷᠠᠭᠠᠬᠤ      ︵1︶ ᠨᠠᠶᠢᠷ ᠨᠠᠭᠠᠳᠤᠮ ᠤᠨ ᠭᠠᠵᠠᠷ ᠬᠤᠪᠢᠷᠠᠭᠠᠬᠤ ᠭᠤᠶᠤᠴᠢᠯᠠᠯ ᠤᠨ ᠪᠦᠷᠢᠳᠭᠡᠭᠦᠯᠬᠦ ᠬᠦᠰᠦᠨᠦᠭᠲᠦ︔      ︵2︶ ︽ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ︾᠎ ᠤᠨ ᠵᠢᠩᠬᠢᠨᠢ᠂ ᠬᠠᠭᠤᠯᠪᠤᠷᠢ ᠳᠡᠪᠲᠡᠷ      ︵3︶ ᠠᠵᠤ ᠦᠢᠯᠡᠳᠪᠦᠷᠢ ᠬᠤᠳᠠᠯᠳᠤᠭᠠᠨ ᠤ ᠡᠵᠡᠩᠨᠡᠯᠲᠡ ᠶᠢᠨ ᠦᠨᠡᠮᠯᠡᠯ ᠤᠨ ᠬᠠᠭᠤᠯᠪᠤᠷᠢ ᠳᠡᠪᠲᠡᠷ︔ ᠳᠡᠭᠡᠷ᠎ᠡ ᠳᠤᠷᠠᠳᠤᠭᠰᠠᠨ ᠬᠤᠪᠢᠷᠠᠭᠠᠬᠤ ᠲᠦᠷᠦᠯ ᠵᠦᠢᠯ ᠢ ᠨᠢᠭᠡ ᠤᠳᠠᠭ᠎ᠠ ᠳᠤ ᠤᠯᠠᠨ ᠵᠦᠢᠯ ᠢ ᠭᠤᠶᠤᠴᠢᠯᠠᠨ ᠬᠤᠪᠢᠷᠠᠭᠠᠵᠤ ᠪᠤᠯᠤᠨ᠎ᠠ᠂ ᠠᠳᠠᠯᠢ ᠮᠠᠲ᠋ᠧᠷᠢᠶᠠᠯ ᠢ ᠱᠠᠭᠠᠷᠳᠠᠯᠭ᠎ᠠ ᠶᠤᠰᠤᠭᠠᠷ ᠨᠢᠭᠡ ᠬᠤᠪᠢ ᠲᠤᠰᠢᠶᠠᠨ᠎ᠠ᠃       5. ᠦᠷᠭᠦᠯᠵᠢᠯᠡᠭᠦᠯᠬᠦ       ︵1︶ ᠦᠷᠭᠦᠯᠵᠢᠯᠡᠬᠦᠯᠬᠦ ᠪᠠᠷ ᠦᠨᠡᠮᠯᠡᠯ ᠤᠨ ᠪᠢᠴᠢᠭ ᠰᠤᠯᠢᠬᠤ ᠭᠤᠶᠤᠴᠢᠯᠠᠯ︔       ︵2︶ ︽ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ︾᠎ ᠤᠨ ᠬᠠᠭᠤᠯᠪᠤᠷᠢ ᠳᠡᠪᠲᠡᠷ︔       ︵3︶ ᠠᠵᠤ ᠦᠢᠯᠡᠳᠪᠦᠷᠢ ᠬᠤᠳᠠᠯᠳᠤᠭᠠᠨ ᠤ ᠡᠵᠡᠩᠨᠡᠯᠲᠡ ᠶᠢᠨ ᠦᠨᠡᠮᠯᠡᠯ ᠤᠨ ᠬᠠᠭᠤᠯᠪᠤᠷᠢ ᠳᠡᠪᠲᠡᠷ︔       ︵4︶ ᠤᠶᠢᠷ᠎ᠠ ᠶᠢᠨ 2 ᠵᠢᠯ ᠤᠨ ᠡᠵᠡᠩᠨᠡᠯᠲᠡ ᠶᠢᠨ ᠪᠠᠶᠢᠳᠠᠯ ᠤᠨ ᠮᠡᠳᠡᠭᠦᠯᠦᠯᠲᠡ᠃      6. ᠭᠤᠶᠤᠴᠢᠯᠠᠯ ᠢᠶᠠᠷ ᠨᠢ ᠬᠦᠴᠦᠨ ᠦᠭᠡᠢ ᠪᠤᠯᠭᠠᠬᠤ       ︵1︶ ᠬᠦᠴᠦᠨ ᠦᠭᠡᠢ ᠪᠤᠯᠭᠠᠬᠤ ᠭᠤᠶᠤᠴᠢᠯᠠᠯ ᠤᠨ ᠪᠢᠴᠢᠭ︔       ︵2︶ ᠤᠤᠯ ᠤᠨ ︽ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ︾᠎ ᠤᠨ ᠵᠢᠩᠬᠢᠨᠢ᠂ ᠬᠠᠭᠤᠯᠪᠤᠷᠢ ᠳᠡᠪᠲᠡᠷ᠃        ᠳᠤᠤᠷᠠᠬᠢ ᠪᠠᠶᠢᠳᠠᠯ ᠪᠠᠶᠢᠪᠠᠯ᠂ ᠡᠬᠦᠷᠭᠡ ᠲᠤᠰᠢᠶᠠᠯ ᠤᠨ ᠶᠤᠰᠤᠭᠠᠷ ᠬᠦᠴᠦᠨ ᠦᠬᠡᠢ ᠪᠤᠯᠭᠠᠬᠤ ᠶᠢᠨ ᠬᠠᠮᠲᠤ ᠨᠡᠶᠢᠭᠡᠮ ᠳᠤ ᠨᠡᠶᠢᠲᠡᠯᠡᠨ᠎ᠡ᠄        ︵1︶ ᠬᠤᠭᠤᠴᠠᠭ᠎ᠠ ᠳᠦᠭᠦᠷᠦᠭᠡᠳ ᠬᠦᠴᠦᠨ ᠲᠠᠢ ᠬᠤᠭᠤᠴᠠᠭ᠎ᠠ ᠶᠢ ᠦᠷᠭᠦᠯᠵᠢᠯᠡᠭᠦᠯᠬᠦ ᠦᠨᠡᠮᠯᠡᠯ ᠰᠤᠯᠢᠬᠤ ᠪᠠᠷ ᠭᠤᠶᠤᠴᠢᠯᠠᠵᠤ ᠬᠦᠢᠴᠡᠳᠭᠡᠭᠰᠡᠨ ᠦᠭᠡᠢ︔       ︵2︶ ᠠᠵᠤ ᠦᠢᠯᠡᠳᠪᠦᠷᠢ ᠬᠤᠳᠠᠯᠳᠤᠭᠠᠨ ᠤ ᠵᠠᠰᠠᠭ ᠵᠠᠬᠢᠷᠭᠠᠨ ᠤ ᠰᠠᠯᠠᠭ᠎ᠠ ᠮᠦᠴᠢᠷ ᠢᠶᠠᠷ ᠬᠦᠴᠦᠨ ᠦᠭᠡᠢ ᠪᠤᠯᠭᠠᠭᠳᠠᠭᠰᠠᠨ ᠪᠤᠶᠤ ᠡᠵᠡᠩᠨᠡᠯᠲᠡ ᠶᠢᠨ ᠦᠨᠡᠮᠯᠡᠯ ᠢᠶᠠᠨ ᠬᠤᠷᠢᠶᠠᠯᠭᠠᠭᠠᠳ ᠬᠦᠴᠦᠨ ᠦᠭᠡᠢ ᠪᠤᠯᠭᠠᠭᠳᠠᠭᠰᠠᠨ       7. ᠦᠨᠡᠮᠯᠡᠯ ᠨᠦᠬᠦᠬᠦ       ︵1︶ ᠦᠨᠡᠮᠯᠡᠯ ᠨᠦᠬᠦᠬᠦ ᠭᠤᠶᠤᠴᠢᠯᠠᠯ ᠤᠨ ᠪᠢᠴᠢᠭ︔       ︵2︶ ᠭᠡᠭᠡᠭᠰᠡᠨ ᠬᠡᠳᠡᠭ ᠤᠨ ᠢᠯᠡᠷᠬᠡᠶᠢᠯᠡᠯᠲᠠ ᠨᠡᠶᠢᠲᠡᠯᠡᠭᠰᠡᠨ ᠰᠤᠨᠢᠨ ᠰᠡᠳᠭᠦᠯ ᠪᠤᠶᠤ ᠤᠤᠯ ᠤᠨ ︽ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ︾᠎ ᠤᠨ ᠵᠢᠩᠬᠢᠨᠢ᠂ ᠬᠠᠭᠤᠯᠪᠤᠷᠢ ᠳᠡᠪᠲᠡᠷ ᠤᠨ ᠲᠠᠮᠳᠤᠭ ᠤᠨ ᠪᠦᠲᠦᠨ ᠬᠡᠰᠡᠭ᠃       ︵ᠬᠤᠶᠠᠷ︶ ᠲᠦᠬᠦᠷ ᠳᠦᠷᠢᠮ      1. ᠬᠠᠰᠤᠬᠤ ᠳᠤᠤᠷᠠᠬᠢ ᠪᠠᠶᠢᠳᠠᠯ ᠤᠨ ᠨᠢᠭᠡ ᠳᠤᠨᠢ ᠬᠤᠯᠪᠤᠭᠳᠠᠵᠤ ᠪᠠᠶᠢᠪᠠᠯ᠂ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠰᠡᠨ ᠰᠢᠢᠳᠪᠥᠷᠢ ᠶᠢ ᠬᠠᠤᠯᠢ ᠶᠤᠰᠤᠭᠠᠷ ᠬᠠᠰᠤᠵᠤ᠂ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠶᠢᠨ ᠬᠠᠮᠲᠤ ᠤᠴᠢᠷ ᠰᠢᠯᠲᠠᠭᠠᠨ ᠢ ᠨᠢ ᠬᠡᠯᠡᠵᠤ ᠦᠭᠬᠦᠨ᠎ᠡ᠄      ︵1︶ ᠬᠢᠨᠠᠨ ᠵᠦᠪᠰᠢᠶᠡᠷᠡᠬᠦ ᠠᠵᠢᠯᠲᠠᠨ ᠡᠷᠭᠡ ᠲᠤᠰᠢᠶᠠᠯ ᠢᠶᠠᠨ ᠲᠤᠷ᠎ᠠ ᠪᠠᠷ ᠬᠡᠷᠡᠭᠯᠡᠵᠤ᠂ ᠠᠯᠪᠠᠨ ᠲᠤᠰᠢᠶᠠᠯ ᠳᠠᠭᠠᠨ ᠠᠯᠮᠠᠶᠢᠷᠠᠨ ᠤᠰᠤᠯᠳᠠᠵᠤ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠰᠡᠨ ᠰᠢᠢᠳᠪᠥᠷᠢ ᠭᠠᠷᠭᠠᠭᠰᠠᠨ       ︵2︶ ᠬᠠᠤᠯᠢ ᠪᠠᠷ ᠲᠤᠭᠲᠠᠭᠠᠭᠰᠠᠨ ᠡᠷᠭᠡ ᠲᠤᠰᠢᠶᠠᠯ ᠠᠴᠠ ᠳᠠᠪᠠᠭᠤᠯᠤᠨ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠰᠡᠨ ᠰᠢᠢᠳᠪᠥᠷᠢ ᠭᠠᠷᠭᠠᠭᠰᠠᠨ︔       ︵3︶ ᠬᠠᠤᠯᠢ ᠪᠠᠷ ᠲᠤᠭᠲᠠᠭᠠᠭᠰᠠᠨ ᠳᠡᠰ ᠳᠠᠷᠠᠭᠠᠯᠠᠯ ᠠᠴᠠ ᠵᠦᠷᠢᠴᠡᠨ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠰᠡᠨ ᠰᠢᠢᠳᠪᠥᠷᠢ ᠭᠠᠷᠭᠠᠭᠰᠠᠨ︔       ︵4︶ ᠭᠤᠶᠤᠴᠢᠯᠠᠬᠤ ᠬᠢᠷᠢ ᠬᠡᠮ ᠢ ᠪᠦᠷᠢᠳᠥᠭᠦᠯᠥᠭᠡᠳᠥᠢ ᠪᠤᠶᠤ ᠬᠠᠤᠯᠢ ᠪᠠᠷ ᠲᠤᠭᠲᠠᠭᠠᠭᠰᠠᠨ ᠨᠦᠬᠦᠴᠡᠯ ᠳᠤ ᠨᠡᠶᠢᠴᠡᠬᠦ ᠦᠭᠡᠢ ᠭᠤᠶᠤᠴᠢᠯᠠᠭᠴᠢ ᠳᠤ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠰᠡᠨ ᠰᠢᠢᠳᠪᠥᠷᠢ ᠬᠢᠵᠤ ᠦᠭᠭᠦᠭᠰᠡᠨ︔       ︵5︶ ᠬᠤᠳᠠᠯ ᠬᠠᠭᠤᠷᠮᠠᠭ ᠮᠠᠲ᠋ᠧᠷᠢᠶᠠᠯ ᠲᠤᠰᠢᠶᠠᠵᠤ ᠪᠠᠶᠢᠭᠠᠳ ᠮᠡᠬᠡᠯᠡᠬᠦ ᠵᠡᠷᠭᠡ ᠵᠦᠢ ᠶᠤᠰᠤᠨ ᠤ ᠪᠤᠰᠤ ᠠᠷᠭ᠎ᠠ ᠪᠠᠷᠢᠯ ᠢᠶᠠᠷ ᠵᠦᠪᠰᠢᠶᠡᠷᠡᠭᠦᠯᠦᠭᠰᠡᠨ︔       ︵6︶ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠰᠡᠨ ᠰᠢᠢᠳᠪᠥᠷᠢ ᠶᠢ ᠬᠠᠤᠯᠢ ᠶᠤᠰᠤᠭᠠᠷ ᠬᠠᠰᠤᠵᠤ ᠪᠤᠯᠬᠤ ᠪᠤᠰᠤᠳ ᠪᠠᠶᠢᠳᠠᠯ︔       2. ᠰᠠᠨᠠᠭᠠᠴᠢᠯᠭ᠎ᠠ ᠠᠴᠠ ᠪᠠᠨ ᠬᠤᠪᠢᠷᠠᠭᠠᠬᠤ ᠪᠤᠶᠤ ᠪᠤᠴᠠᠭᠠᠬᠤ ᠭᠤᠶᠤᠴᠢᠯᠠᠭᠴᠢ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠤᠨ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠰᠡᠨ ᠰᠢᠢᠳᠪᠥᠷᠢ ᠭᠠᠷᠭᠠᠬᠤ ᠠᠴᠠ ᠡᠮᠦᠨ᠎ᠡ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠭᠦᠯᠬᠦ ᠭᠤᠶᠤᠴᠢᠯᠠᠯ ᠢᠶᠠᠨ ᠪᠤᠴᠠᠭᠠᠬᠤ ᠪᠠᠷ ᠪᠢᠴᠢᠭ ᠢᠶᠠᠷ ᠭᠤᠶᠤᠴᠢᠯᠠᠭᠰᠠᠨ ᠪᠤᠯ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠬᠦ ᠶᠢ ᠵᠤᠭᠰᠤᠭᠠᠬᠤ ᠶᠢᠨ ᠬᠠᠮᠲᠤ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠬᠡᠷᠡᠭᠲᠠᠢ᠃ ᠭᠤᠶᠤᠴᠢᠯᠠᠭᠴᠢ ᠬᠢᠨᠠᠨ ᠵᠦᠪᠰᠢᠶᠡᠷᠡᠬᠦ ᠳᠡᠰ ᠳᠠᠷᠠᠭᠠᠯᠠᠯ ᠤᠨ ᠶᠠᠪᠤᠴᠠ ᠳᠤ ᠭᠤᠶᠤᠴᠢᠯᠠᠯ ᠢᠶᠠᠨ ᠰᠠᠨᠠᠭᠠᠴᠢᠯᠭ᠎ᠠ ᠠᠴᠠ ᠪᠠᠨ ᠬᠤᠪᠢᠷᠠᠭᠠᠬᠤ ᠪᠤᠶᠤ ᠪᠤᠴᠠᠭᠠᠵᠤ ᠪᠤᠯᠤᠨ᠎ᠠ᠃        ᠠᠷᠪᠠ᠂ ᠲᠤᠬᠠᠢ ᠶᠢᠨ ᠭᠠᠵᠠᠷ ᠲᠤ ᠪᠠᠶᠢᠴᠠᠭᠠᠬᠤ ᠳᠠᠭᠤᠤ ᠪᠦᠵᠢᠭ ᠨᠠᠶᠢᠷ ᠨᠠᠭᠠᠳᠤᠮ ᠤᠨ ᠭᠠᠵᠠᠷ ᠪᠠᠶᠢᠭᠤᠯᠬᠤ᠂ ᠦᠭᠡᠷᠡᠴᠢᠯᠡᠨ ᠪᠠᠶᠢᠭᠤᠯᠬᠤ᠂ ᠦᠷᠭᠡᠳᠭᠡᠨ ᠪᠠᠶᠢᠭᠤᠯᠬᠤ ᠵᠢᠴᠢ ᠳᠠᠭᠤᠤ ᠪᠦᠵᠢᠭ ᠨᠠᠶᠢᠷ ᠨᠠᠭᠠᠳᠤᠮ ᠤᠨ ᠭᠠᠵᠠᠷ ᠢ ᠬᠤᠪᠢᠷᠠᠭᠠᠬᠤ ᠪᠠᠷ ᠭᠤᠶᠤᠴᠢᠯᠠᠬᠤ ᠳᠤ᠂ ᠦᠪᠡᠷᠲᠡᠭᠡᠨ ᠵᠠᠰᠠᠬᠤ ᠤᠷᠤᠨ ᠤ ᠰᠤᠶᠤᠯ ᠤᠨ ᠲᠢᠩᠬᠢᠮ ᠠᠴᠠ ᠨᠠᠶᠢᠷ ᠨᠠᠭᠠᠳᠤᠮ ᠤᠨ ᠭᠠᠵᠠᠷ ᠤᠨ ᠪᠠᠶᠢᠭ᠎ᠠ ᠭᠠᠵᠠᠷ ᠤᠨ ᠰᠤᠶᠤᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠪᠤᠶᠤ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠬᠦ ᠪᠠᠶᠢᠭᠤᠯᠤᠮᠵᠢ ᠳᠤ ᠨᠠᠶᠢᠳᠠᠵᠤ᠂ ᠲᠤᠬᠠᠢ ᠶᠢᠨ ᠭᠠᠵᠠᠷ ᠲᠤᠨᠢ ᠳᠤᠤᠷᠠᠬᠢ ᠵᠦᠢᠯᠡᠰ ᠢ ᠪᠠᠶᠢᠴᠠᠭᠠᠯᠭᠠᠨ᠂ ᠨᠠᠶᠢᠷ ᠨᠠᠭᠠᠳᠤᠮ ᠤᠨ ᠭᠠᠵᠠᠷ ᠪᠠᠶᠢᠭᠤᠯᠬᠤ ᠲᠤᠬᠠᠢ ᠶᠢᠨ ᠭᠠᠵᠠᠷ ᠲᠤᠨᠢ ᠪᠠᠶᠢᠴᠠᠭᠠᠭᠰᠠᠨ ᠬᠦᠰᠦᠨᠦᠭᠲᠦ ᠲᠠᠭᠯᠠᠭᠤᠯᠤᠨ᠎ᠠ᠄       1. ᠪᠠᠶᠢᠷᠢᠯᠠᠯ᠄ ᠤᠷᠤᠨ ᠰᠠᠭᠤᠴᠠ ᠪᠠᠭᠲᠠᠵᠤ ᠪᠠᠶᠢᠬᠤ ᠡᠰᠡᠬᠦ︔ ᠰᠠᠭᠤᠭᠠᠯᠢ ᠠᠷᠠᠳ ᠤᠨ ᠲᠤᠭᠤᠷᠢᠭ᠂ ᠮᠦᠽᠸᠢ᠂ ᠨᠤᠮ ᠤᠨ ᠰᠠᠩ ᠪᠠ ᠲᠡᠤᠭᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠤᠷᠤᠨ ᠢᠶᠠᠷ ᠬᠢᠨᠠᠨ ᠲᠤᠭᠲᠠᠭᠠᠭᠳᠠᠭᠰᠠᠨ ᠨᠢᠭᠡᠴᠡ ᠶᠢᠨ ᠪᠠᠷᠢᠯᠭ᠎ᠠ ᠳᠤ ᠪᠠᠶᠢᠬᠤ ᠡᠰᠡᠬᠦ︔ ᠪᠠᠷᠢᠯᠭ᠎ᠠ ᠶᠢᠨ ᠭᠠᠵᠠᠷ ᠳᠤᠤᠷᠠᠬᠢ ᠨᠢᠭᠡᠳᠦᠭᠡᠷ ᠳᠠᠪᠬᠤᠷᠭ᠎ᠠ ᠠᠴᠠ ᠳᠤᠷᠤᠭᠰᠢ ᠪᠠᠶᠢᠬᠤ ᠡᠰᠡᠬᠦ︔ ᠲᠡᠷᠬᠡᠨ ᠦᠷᠲᠡᠭᠡ᠂ ᠨᠢᠰᠭᠡᠯ ᠤᠨ ᠪᠠᠭᠤᠳᠠᠯ ᠵᠡᠷᠭᠡ ᠬᠦᠮᠦᠰ ᠬᠤᠷᠠᠵᠤ ᠴᠤᠭᠯᠠᠷᠠᠬᠤ ᠲᠠᠯᠠᠪᠤᠷ ᠲᠤ ᠪᠠᠶᠢᠬᠤ ᠡᠰᠡᠬᠦ︔       2. ᠡᠷᠬᠢᠨ ᠲᠤᠭᠤᠷᠢᠨ ᠤ ᠤᠷᠴᠢᠨ ᠲᠤᠭᠤᠷᠢᠨ᠄ ᠰᠤᠷᠭᠠᠭᠤᠯᠢ᠂ ᠡᠮᠨᠡᠯᠭᠡ ᠶᠢᠨ ᠬᠤᠷᠢᠶ᠎ᠠ᠂ ᠪᠠᠶᠢᠭᠤᠯᠭ᠎ᠠ ᠶᠢᠨ ᠡᠷᠬᠢᠨ ᠲᠤᠭᠤᠷᠢᠨ ᠳᠤ ᠪᠠᠶᠢᠬᠤ ᠡᠰᠡᠬᠦ︔       3. ᠬᠡᠷᠡᠭᠯᠡᠬᠦ ᠲᠠᠯᠠᠪᠠᠢ᠄ ᠲᠤᠬᠠᠢ ᠶᠢᠨ ᠭᠠᠵᠠᠷ ᠲᠤᠨᠢ ᠬᠡᠮᠵᠢᠭᠰᠡᠨ ᠬᠡᠷᠡᠭᠯᠡᠬᠦ ᠲᠠᠯᠠᠪᠠᠢ ᠨᠢ ᠲᠤᠰ ᠵᠠᠰᠠᠭ ᠵᠠᠬᠢᠷᠭᠠᠨ ᠤ ᠤᠷᠤᠨ ᠤ ᠳᠤᠲᠤᠷ᠎ᠠ ᠲᠤᠭᠲᠠᠭᠠᠭᠰᠠᠨ ᠨᠠᠶᠢᠷ ᠨᠠᠭᠠᠳᠤᠮ ᠤᠨ ᠭᠠᠵᠠᠷ ᠤᠨ ᠬᠡᠷᠡᠭᠯᠡᠬᠦ ᠬᠠᠮᠤᠭ ᠤᠨ ᠪᠠᠭ᠎ᠠ ᠲᠠᠯᠠᠪᠠᠢ ᠠᠴᠠ ᠪᠠᠭ᠎ᠠ ᠪᠠᠶᠢᠬᠤ ᠡᠰᠡᠬᠦ︔       4. ᠳᠠᠭᠤᠤ ᠪᠦᠵᠢᠭ ᠨᠠᠶᠢᠷ ᠨᠠᠭᠠᠳᠤᠮ ᠤᠨ ᠭᠠᠵᠠᠷ ᠤᠨ ᠵᠢᠵᠢᠭ ᠲᠠᠰᠤᠯᠭ᠎ᠠ᠄ ᠬᠠᠨᠭ᠍ᠭᠠᠭᠰᠠᠨ ᠪᠦᠲᠦᠴᠡ ᠶᠢᠨ ᠬᠠᠪᠲᠠᠭᠠᠢ ᠵᠢᠷᠤᠭ ᠯᠤᠭ᠎ᠠ ᠨᠢᠭᠡᠳᠤᠯᠲᠠᠢ ᠪᠠᠶᠢᠬᠤ ᠡᠰᠡᠬᠦ︔       5. ᠪᠡᠯᠡᠳᠬᠡᠮᠵᠢ ᠲᠦᠬᠦᠭᠡᠷᠦᠮᠵᠢ᠄ ᠳᠠᠭᠤᠤ ᠪᠦᠵᠢᠭ ᠨᠠᠶᠢᠷ ᠨᠠᠭᠠᠳᠤᠮ ᠤᠨ ᠭᠠᠵᠠᠷ ᠤᠨ ᠬᠡᠷᠡᠭᠯᠡᠬᠦ ᠳᠠᠭᠤᠤ ᠵᠠᠬᠢᠶᠠᠯᠠᠨ ᠲᠠᠯᠪᠢᠭᠤᠯᠬᠤ ᠰᠢᠰᠲ᠋ᠧᠮ ᠢ ᠬᠠᠤᠯᠢ ᠶᠤᠰᠤᠭᠠᠷ ᠬᠡᠪᠯᠡᠭᠰᠡᠨ᠂ ᠦᠢᠯᠡᠳᠪᠦᠷᠢᠯᠡᠭᠰᠡᠨ ᠡᠰᠡᠬᠦ ᠪᠤᠶᠤ ᠭᠠᠳᠠᠭᠠᠳᠤ ᠠᠴᠠ ᠤᠷᠤᠭᠤᠯᠤᠭᠰᠠᠨ ᠤ ᠬᠠᠮᠢᠶ᠎ᠠ ᠪᠦᠬᠦᠢ ᠬᠡᠷᠡᠴᠢᠯᠡᠬᠦ ᠮᠠᠲ᠋ᠧᠷᠢᠶᠠᠯ ᠪᠠᠶᠢᠬᠤ ᠡᠰᠡᠬᠦ︔ ᠳᠠᠭᠤᠤ ᠵᠠᠬᠢᠶᠠᠯᠠᠨ ᠲᠠᠯᠪᠢᠭᠤᠯᠬᠤ ᠰᠢᠰᠲ᠋ᠧᠮ ᠤᠨ ᠲᠠᠯᠪᠢᠬᠤ ᠳᠠᠭᠤᠤ ᠬᠦᠭᠵᠢᠮ᠂ ᠳᠠᠭᠤᠤ ᠬᠦᠭᠵᠢᠮ ᠤᠨ ᠭᠠᠷᠴᠠᠭ᠂ ᠳᠡᠯᠭᠡᠴᠡ ᠵᠡᠷᠭᠡ ᠠᠭᠤᠯᠭ᠎ᠠ ᠨᠢ ︽ᠨᠠᠶᠢᠷ ᠨᠠᠭᠠᠳᠤᠮ ᠤᠨ ᠭᠠᠵᠠᠷ ᠤᠨ ᠬᠠᠮᠢᠶᠠᠷᠤᠯᠲᠠ ᠶᠢᠨ ᠳᠦᠷᠢᠮ︾᠎ ᠤᠨ ᠠᠷᠪᠠᠨ ᠭᠤᠷᠪᠠᠳᠤᠭᠠᠷ ᠵᠦᠢᠯ ᠤᠨ ᠴᠠᠭᠠᠵᠠᠯᠠᠭᠰᠠᠨ ᠠᠭᠤᠯᠭ᠎ᠠ ᠪᠤᠯᠬᠤ ᠡᠰᠡᠬᠦ᠂ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠪᠤᠶᠤ ᠰᠤᠶᠤᠯ ᠤᠨ ᠵᠠᠬ᠎ᠠ ᠳᠡᠯᠭᠡᠬᠦᠷ ᠤᠨ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠬᠦ ᠪᠠᠶᠢᠭᠤᠯᠤᠮᠵᠢ ᠶᠢᠨ ᠬᠠᠤᠯᠢ ᠶᠤᠰᠤᠭᠠᠷ ᠴᠠᠭᠠᠵᠠᠯᠠᠭᠰᠠᠨ ᠳᠠᠭᠤᠤ ᠬᠦᠭᠵᠢᠮ ᠤᠨ ᠭᠠᠷᠴᠠᠭ ᠠᠭᠤᠯᠵᠤ ᠪᠠᠶᠢᠬᠤ ᠡᠰᠡᠬᠦ︔ ᠳᠠᠭᠤᠤ ᠵᠠᠬᠢᠶᠠᠯᠠᠨ ᠲᠠᠯᠪᠢᠭᠤᠯᠬᠤ ᠰᠢᠰᠲ᠋ᠧᠮ ᠤᠨ ᠦᠢᠯᠡᠴᠢᠯᠡᠭᠦᠷ ᠨᠢ ᠭᠠᠳᠠᠭᠠᠲᠤ ᠶᠢᠨ ᠬᠦᠭᠵᠢᠮ ᠤᠨ ᠬᠦᠮᠦᠷᠭᠡ ᠯᠦᠭᠡ ᠵᠠᠯᠭᠠᠵᠤ ᠪᠠᠶᠢᠬᠤ ᠡᠰᠡᠬᠦ᠃      ᠠᠷᠪᠠᠨ ᠨᠢᠭᠡ᠂ ᠨᠡᠶᠢᠲᠡ ᠳᠤ ᠵᠠᠷᠯᠠᠬᠤ ᠭᠤᠶᠤᠴᠢᠯᠠᠭᠴᠢ ᠶᠢᠨ ᠲᠤᠰᠢᠶᠠᠭᠰᠠᠨ ᠮᠠᠲ᠋ᠧᠷᠢᠶᠠᠯ ᠨᠢ ᠪᠦᠷᠢᠨ ᠭᠦᠢᠴᠡᠳ᠂ ᠬᠠᠤᠯᠢ ᠪᠠᠷ ᠲᠤᠭᠲᠠᠭᠠᠭᠰᠠᠨ ᠬᠡᠯᠪᠡᠷᠢ ᠳᠤ ᠨᠡᠶᠢᠴᠡᠵᠤ᠂ ᠪᠤᠳᠠᠲᠤ ᠭᠠᠵᠠᠷ ᠲᠤᠨᠢ ᠪᠠᠶᠢᠴᠠᠭᠠᠭᠠᠳ ᠬᠢᠷᠢ ᠲᠡᠩᠴᠡᠵᠤ ᠪᠠᠶᠢᠪᠠᠯ᠂ ᠲᠠᠯᠠᠪᠤᠷ ᠪᠠᠶᠢᠭᠤᠯᠬᠤ ᠭᠠᠵᠠᠷ᠂ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠤᠨ ᠠᠯᠪᠠᠯᠠᠬᠤ ᠭᠠᠵᠠᠷ ᠤᠨ ᠢᠯᠡ ᠪᠠᠶᠢᠷᠢ ᠳᠤ ᠨᠡᠶᠢᠭᠡᠮ ᠨᠡᠶᠢᠲᠡ ᠳᠤ 10 ᠡᠳᠦᠷ ᠵᠠᠷᠯᠠᠬᠤ ᠬᠡᠷᠡᠭᠲᠠᠢ᠃       ᠠᠷᠪᠠᠨ ᠬᠤᠶᠠᠷ᠂ ᠭᠡᠷᠡᠴᠢᠯᠡᠯᠲᠡ ᠰᠤᠨᠤᠰᠬᠤ      ︵ᠨᠢᠭᠡ︶ ᠭᠡᠷᠡᠴᠢᠯᠡᠯᠲᠡ ᠰᠤᠨᠤᠰᠬᠤ ᠬᠡᠪᠴᠢᠶ᠎ᠡ᠄ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ ᠭᠤᠶᠤᠴᠢᠯᠠᠭᠴᠢ ᠵᠢᠴᠢ ᠨᠠᠶᠢᠷ ᠨᠠᠭᠠᠳᠤᠮ ᠤᠨ ᠭᠠᠵᠠᠷ ᠤᠨ ᠪᠠᠶᠢᠭ᠎ᠠ ᠭᠠᠵᠠᠷ ᠤᠨ ᠰᠠᠭᠤᠭᠠᠯᠢ ᠠᠷᠠᠳ ᠤᠨ ᠵᠦᠪᠯᠡᠯ ︵ᠲᠤᠰᠬᠤᠨ ᠤ ᠵᠦᠪᠯᠡᠯ︶᠂ ᠤᠶᠢᠷᠠᠯᠴᠠᠭ᠎ᠠ ᠪᠠᠶᠢᠬᠤ ᠰᠤᠷᠭᠠᠭᠤᠯᠢ᠂ ᠡᠮᠨᠡᠯᠭᠡ ᠶᠢᠨ ᠬᠤᠷᠢᠶ᠎ᠠ᠂ ᠪᠠᠶᠢᠭᠤᠯᠭ᠎ᠠ ᠵᠡᠷᠭᠡ ᠠᠰᠢᠭ ᠬᠤᠤᠷ ᠤᠨ ᠬᠠᠷᠢᠴᠠᠭ᠎ᠠ ᠲᠠᠢ ᠬᠦᠮᠦᠰ ᠲᠤ ᠭᠡᠷᠡᠴᠢᠯᠡᠯᠲᠡ ᠰᠤᠨᠤᠰᠬᠤ ᠪᠠᠷ ᠱᠠᠭᠠᠷᠳᠠᠬᠤ ᠡᠷᠬᠡ ᠲᠠᠢ ᠭᠡᠳᠡᠭ ᠢ ᠮᠡᠳᠡᠭᠳᠡᠬᠦ ᠬᠡᠷᠡᠭᠲᠠᠢ᠃      ︵ᠬᠤᠶᠠᠷ︶ ᠭᠡᠷᠡᠴᠢᠯᠡᠯᠲᠡ ᠰᠤᠨᠤᠰᠬᠤ ᠴᠠᠭ ᠤᠨ ᠬᠢᠵᠠᠭᠠᠷ᠄ ᠭᠤᠶᠤᠴᠢᠯᠠᠭᠴᠢ᠂ ᠠᠰᠢᠭ ᠬᠤᠤᠷ ᠤᠨ ᠬᠠᠷᠢᠴᠠᠭ᠎ᠠ ᠲᠠᠢ ᠬᠦᠮᠦᠰ ᠨᠡᠶᠢᠲᠡ ᠳᠤ ᠵᠠᠷᠯᠠᠭᠰᠠᠨ ᠬᠤᠭᠤᠴᠠᠭᠠᠨ ᠳᠤ ᠭᠡᠷᠡᠴᠢᠯᠡᠯᠲᠡ ᠰᠤᠨᠤᠰᠬᠤ ᠪᠠᠷ ᠭᠤᠶᠤᠴᠢᠯᠠᠭᠰᠠᠨ ᠪᠤᠯ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ 20 ᠡᠳᠦᠷ ᠤᠨ ᠳᠤᠲᠤᠷ᠎ᠠ ᠭᠡᠷᠡᠴᠢᠯᠡᠯᠲᠡ ᠰᠤᠨᠤᠰᠬᠤ ᠶᠢ ᠵᠤᠬᠢᠶᠠᠨ ᠪᠠᠶᠢᠭᠤᠯᠬᠤ ᠬᠡᠷᠡᠭᠲᠠᠢ᠂ ᠭᠡᠷᠡᠴᠢᠯᠡᠯᠲᠡ ᠰᠤᠨᠤᠰᠬᠤ ᠶᠢ ᠵᠤᠬᠢᠶᠠᠨ ᠪᠠᠶᠢᠭᠤᠯᠬᠤ ᠳᠤ ᠬᠡᠷᠡᠭᠰᠡᠬᠦ ᠴᠠᠭ ᠢ ᠵᠠᠰᠠᠭ ᠵᠠᠬᠢᠷᠭᠠᠨ ᠢᠶᠠᠷ ᠵᠦᠪᠰᠢᠶᠡᠷᠡᠬᠦ ᠴᠠᠭ ᠬᠤᠭᠤᠴᠠᠭ᠎ᠠ ᠪᠠᠷ ᠪᠤᠳᠤᠬᠤ ᠦᠭᠡᠢ᠃      ︵ᠭᠤᠷᠪᠠ︶ ᠬᠡᠷᠡᠴᠢᠯᠡᠯᠲᠡ ᠰᠣᠨᠣᠰᠤᠭᠰᠠᠨ ᠰᠠᠨᠠᠯ᠄ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ ᠭᠡᠷᠡᠴᠢᠯᠡᠯᠲᠡ ᠰᠤᠨᠤᠰᠤᠭᠰᠠᠨ ᠲᠡᠮᠳᠡᠭᠯᠡᠯ ᠢ ᠦᠨᠳᠦᠰᠦᠯᠡᠨ ᠵᠠᠰᠠᠭ ᠵᠠᠬᠢᠷᠭᠠᠨ ᠢᠶᠠᠷ ᠵᠦᠪᠰᠢᠶᠡᠷᠡᠬᠦ ᠰᠢᠢᠳᠪᠥᠷᠢ ᠭᠠᠷᠭᠠᠬᠤ ᠬᠡᠷᠡᠭᠲᠠᠢ︔ ᠭᠤᠶᠤᠴᠢᠯᠠᠭᠴᠢ᠂ ᠠᠰᠢᠭ ᠬᠤᠤᠷ ᠤᠨ ᠬᠠᠷᠢᠴᠠᠭ᠎ᠠ ᠲᠠᠢ ᠬᠦᠮᠦᠰ ᠪᠤᠶᠤ ᠪᠤᠰᠤᠳ ᠬᠤᠯᠪᠤᠭᠳᠠᠯ ᠪᠦᠬᠦᠢ ᠬᠦᠮᠦᠰ ᠭᠡᠷᠡᠴᠢᠯᠡᠯᠲᠡ ᠰᠤᠨᠤᠰᠬᠤ ᠳᠤ ᠨᠡᠷ᠎ᠡ ᠮᠡᠳᠡᠭᠦᠯᠵᠤ ᠤᠷᠤᠯᠴᠠᠭᠰᠠᠨ ᠦᠭᠡᠢ ᠪᠤᠯ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠵᠠᠰᠠᠭ ᠵᠠᠬᠢᠷᠭᠠᠨ ᠢᠶᠠᠷ ᠵᠦᠪᠰᠢᠶᠡᠷᠡᠭᠰᠡᠨ ᠰᠢᠢᠳᠪᠥᠷᠢ ᠶᠢ ᠬᠠᠤᠯᠢ ᠶᠤᠰᠤᠭᠠᠷ ᠭᠠᠷᠭᠠᠨ᠎ᠠ᠃      ᠠᠷᠪᠠᠨ ᠭᠤᠷᠪᠠ᠂ ᠰᠢᠢᠳᠪᠥᠷᠢ ᠶᠢ ᠢᠯᠡ ᠪᠤᠯᠭᠠᠬᠤ ᠰᠢᠢᠳᠪᠥᠷᠢ ᠭᠠᠷᠭᠠᠭᠰᠠᠨ ᠡᠳᠦᠷ ᠠᠴᠠ ᠡᠬᠢᠯᠡᠨ 2 ᠠᠵᠢᠯᠯᠠᠬᠤ ᠡᠳᠦᠷ ᠤᠨ ᠳᠤᠲᠤᠷ᠎ᠠ ᠬᠢᠨᠠᠨ ᠵᠦᠪᠰᠢᠶᠡᠷᠡᠭᠰᠡᠨ ᠦᠷ᠎ᠡ ᠳ᠋ᠦᠡᠭ ᠢ ᠠᠶᠢᠮᠠᠭ ᠬᠤᠲᠠ ᠶᠢᠨ ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠤᠨ ᠠᠯᠪᠠᠨ ᠤ ᠰᠦᠯᠵᠢᠶᠡᠨ ᠳᠡᠭᠡᠷ᠎ᠡ ᠢᠯᠡ ᠪᠤᠯᠭᠠᠨ᠎ᠠ᠃ ᠭᠤᠶᠤᠴᠢᠯᠠᠭᠴᠢ ᠰᠦᠯᠵᠢᠶᠡᠨ ᠳᠡᠭᠡᠷ᠎ᠡ ᠢᠯᠡ ᠪᠤᠯᠭᠠᠭᠰᠠᠨ ᠦᠨᠡᠮᠯᠡᠯ ᠠᠪᠬᠤ ᠴᠠᠭ ᠤᠨ ᠬᠢᠵᠠᠭᠠᠷ ᠪᠤᠶᠤ ᠤᠬᠤᠷ ᠮᠡᠳᠡᠭᠡ ᠪᠠᠷ ᠮᠡᠳᠡᠭᠳᠡᠭᠰᠡᠨ ᠢ ᠦᠨᠳᠦᠰᠦᠯᠡᠨ ᠵᠦᠪᠰᠢᠶᠡᠷᠡᠭᠰᠡᠨ ᠬᠦᠴᠦᠨ ᠲᠠᠢ ᠪᠢᠴᠢᠭ ᠢ ᠦᠨᠡᠮᠯᠡᠯ ᠢᠶᠠᠷ ᠢᠶᠠᠨ ᠠᠪᠤᠨ᠎ᠠ      ᠠᠷᠪᠠᠨ ᠳᠦᠷᠪᠡ᠂ ᠬᠠᠤᠯᠢ ᠪᠠᠷ ᠲᠤᠭᠲᠠᠭᠠᠭᠰᠠᠨ ᠴᠠᠭ ᠤᠨ ᠬᠢᠵᠠᠭᠠᠷ ᠰᠤᠶᠤᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠭᠤᠶᠤᠴᠢᠯᠠᠯ ᠢ ᠬᠦᠯᠢᠶᠡᠨ ᠠᠪᠤᠭᠰᠠᠨ ᠡᠳᠦᠷ ᠠᠴᠠ ᠡᠬᠢᠯᠡᠨ 20 ᠡᠳᠦᠷ ᠤᠨ ᠳᠤᠲᠤᠷ᠎ᠠ ᠰᠢᠢᠳᠪᠥᠷᠢ ᠭᠠᠷᠭᠠᠬᠤ ᠬᠡᠷᠡᠭᠲᠠᠢ᠃ ᠵᠦᠪᠰᠢᠶᠡᠷᠡᠬᠦ ᠳᠤᠨᠢ ᠵᠦᠪᠰᠢᠶᠡᠷᠡᠭᠰᠡᠨ ᠪᠢᠴᠢᠭ ᠮᠠᠲ᠋ᠧᠷᠢᠶᠠᠯ ᠦᠭᠴᠦ᠂ ᠵᠦᠪᠰᠢᠶᠡᠷᠡᠭᠰᠡᠨ ᠦᠭᠡᠢ ᠳᠤᠨᠢ ᠰᠤᠶᠤᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠶᠢᠨ ᠬᠠᠮᠲᠤ ᠤᠴᠢᠷ ᠰᠢᠯᠲᠠᠭᠠᠨ ᠢ ᠨᠢ ᠲᠠᠶᠢᠯᠪᠤᠷᠢᠯᠠᠵᠤ ᠦᠭᠭᠦᠨ᠎ᠡ ︵ᠨᠡᠶᠢᠲᠡ ᠳᠤ ᠵᠠᠷᠯᠠᠬᠤ ᠪᠠ ᠭᠡᠷᠡᠴᠢᠯᠡᠯᠲᠡ ᠰᠤᠨᠤᠰᠬᠤ ᠴᠠᠭ ᠪᠠᠭᠲᠠᠬᠤ ᠦᠭᠡᠢ︶᠃      ᠠᠷᠪᠠᠨ ᠲᠠᠪᠤ᠂ ᠬᠢᠨᠠᠨ ᠵᠦᠪᠰᠢᠶᠡᠷᠡᠭᠰᠡᠨ ᠪᠢᠴᠢᠭ ᠬᠠᠷ᠎ᠠ ︽ᠨᠠᠶᠢᠷ ᠨᠠᠭᠠᠳᠤᠮ ᠡᠵᠡᠩᠨᠡᠬᠦ ᠵᠦᠪᠰᠢᠶᠡᠷᠡᠯ ᠤᠨ ᠦᠨᠡᠮᠯᠡᠯ︾ 2 ᠵᠢᠯ ᠬᠦᠴᠦᠨ ᠲᠠᠢ᠃      ᠠᠷᠪᠠᠨ ᠵᠢᠷᠭᠤᠭ᠎ᠠ᠂ ᠰᠦᠢᠳᠭᠡᠯ ᠬᠤᠷᠢᠶᠠᠬᠤ ᠦᠨᠳᠦᠰᠦᠯᠡᠯ ᠬᠢᠭᠡᠳ ᠪᠠᠷᠢᠮᠵᠢᠶ᠎ᠠ ᠲᠤᠰ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠬᠦ ᠵᠦᠢᠯ ᠰᠦᠢᠳᠭᠡᠯ ᠬᠤᠷᠢᠶᠠᠬᠤ ᠦᠭᠡᠢ᠃      ᠠᠷᠪᠠᠨ ᠳᠤᠯᠤᠭ᠎ᠠ᠂ ᠭᠤᠶᠤᠴᠢᠯᠠᠭᠴᠢ ᠶᠢᠨ ᠡᠷᠭᠡ ᠪᠠ ᠡᠭᠦᠷᠭᠡ      ︵ᠨᠢᠭᠡ︶ ᠭᠤᠶᠤᠴᠢᠯᠠᠭᠴᠢ ᠳᠤᠤᠷᠠᠬᠢ ᠮᠡᠲᠤ ᠡᠷᠭᠡ ᠶᠢ ᠬᠠᠤᠯᠢ ᠶᠤᠰᠤᠭᠠᠷ ᠡᠳ᠋ᠯᠡᠨ᠎ᠡ     1. ᠪᠠᠶᠢᠳᠠᠯ ᠮᠡᠳᠡᠬᠦ ᠡᠷᠭᠡ᠂ ᠲᠤᠭᠠᠴᠢᠬᠤ ᠡᠷᠭᠡ᠂ ᠲᠤᠲᠤᠷᠬᠠᠶᠢᠯᠠᠬᠤ ᠡᠷᠬᠡ ᠶᠢ ᠬᠠᠤᠯᠢ ᠶᠤᠰᠤᠭᠠᠷ ᠡᠳ᠋ᠯᠡᠨ᠎ᠡ︔     2. ᠭᠡᠷᠡᠴᠢᠯᠡᠯᠲᠡ ᠰᠤᠨᠤᠰᠬᠤ ᠶᠢ ᠱᠠᠭᠠᠷᠳᠠᠬᠤ ᠡᠷᠭᠡ ᠶᠢ ᠬᠠᠤᠯᠢ ᠶᠤᠰᠤᠭᠠᠷ ᠡᠳ᠋ᠯᠡᠨ᠎ᠡ︔     3. ᠬᠠᠤᠯᠢ ᠶᠤᠰᠤᠭᠠᠷ ᠵᠠᠰᠠᠭ ᠵᠠᠬᠢᠷᠭᠠᠨ ᠢᠶᠠᠷ ᠳᠠᠬᠢᠨ ᠵᠦᠪᠯᠡᠬᠦᠯᠬᠦ ᠪᠤᠶᠤ ᠵᠠᠰᠠᠭ ᠵᠠᠬᠢᠷᠭᠠᠨ ᠢᠶᠠᠷ ᠵᠠᠷᠭᠤ ᠬᠢᠬᠦ ᠡᠷᠬᠡ ᠲᠠᠢ︔     4. ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠤᠨ ᠵᠠᠰᠠᠭ ᠵᠠᠬᠢᠷᠭᠠᠨ ᠤ ᠵᠦᠪᠰᠢᠶᠡᠷᠡᠯ ᠤᠯᠭᠤᠬᠤ ᠶᠢ ᠬᠠᠤᠯᠢ ᠠᠴᠠ ᠵᠦᠷᠢᠴᠡᠨ ᠬᠡᠷᠡᠭᠵᠢᠭᠦᠯᠦᠭᠰᠡᠨ ᠠᠴᠠ ᠪᠤᠯᠵᠤ ᠬᠠᠤᠯᠢ ᠶᠤᠰᠤᠨ ᠤ ᠡᠷᠬᠡ ᠠᠰᠢᠭ ᠨᠢ ᠬᠦᠨᠦᠭᠡᠭᠳᠡᠭᠰᠡᠨ ᠪᠣᠯ ᠬᠠᠤᠯᠢ ᠶᠤᠰᠤᠭᠠᠷ ᠲᠦᠯᠦᠭᠦᠯᠬᠦ ᠪᠠᠷ ᠱᠠᠭᠠᠷᠳᠠᠬᠤ ᠡᠷᠬᠡ ᠲᠠᠢ᠃      ︵ᠬᠤᠶᠠᠷ︶ ᠳᠤᠤᠷᠠᠬᠢ ᠡᠬᠦᠷᠭᠡ ᠶᠢ ᠬᠠᠤᠯᠢ ᠶᠤᠰᠤᠭᠠᠷ ᠬᠦᠢᠴᠡᠳᠭᠡᠨ᠎ᠡ      1. ᠰᠤᠶᠤᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠬᠤᠯᠪᠤᠭᠳᠠᠯ ᠪᠦᠬᠦᠢ ᠮᠠᠲ᠋ᠧᠷᠢᠶᠠᠯ ᠢ ᠦᠨᠡᠨ ᠢᠶᠠᠷ ᠲᠤᠰᠢᠶᠠᠬᠤ ᠪᠠ ᠦᠨᠡᠨ ᠪᠤᠳᠠᠲᠤ ᠪᠠᠶᠢᠳᠠᠯ ᠢ ᠲᠤᠰᠬᠠᠬᠤ ᠶᠢᠨ ᠬᠠᠮᠲᠤ ᠭᠤᠶᠤᠴᠢᠯᠠᠭᠰᠠᠨ ᠮᠠᠲ᠋ᠧᠷᠢᠶᠠᠯ ᠤᠨ ᠮᠦᠨ ᠴᠢᠨᠠᠷ ᠪᠦᠬᠦᠢ ᠠᠭᠤᠯᠭ᠎ᠠ ᠶᠢᠨ ᠦᠨᠡᠨ ᠪᠤᠳᠠᠲᠤ ᠴᠢᠨᠠᠷ ᠲᠤ ᠬᠠᠷᠢᠭᠤᠴᠠᠨ᠎ᠠ᠃      2. ᠲᠤᠬᠠᠢ ᠶᠢᠨ ᠲᠠᠯᠠᠪᠠᠢ ᠳᠤ ᠬᠠᠶᠢᠨ ᠪᠠᠶᠢᠴᠠᠭᠠᠬᠤ ᠪᠠ ᠬᠢᠨᠠᠨ ᠪᠠᠶᠢᠴᠠᠭᠠᠬᠤ ᠶᠢ ᠬᠠᠤᠯᠢ ᠶᠤᠰᠤᠭᠠᠷ ᠬᠦᠯᠢᠶᠡᠬᠦ ᠪᠤᠶᠤ ᠬᠠᠮᠵᠢᠯᠴᠠᠬᠤ ᠡᠭᠦᠷᠭᠡ᠃      3. ᠳᠠᠭᠤᠤ ᠵᠠᠬᠢᠶᠠᠯᠠᠨ ᠲᠠᠯᠪᠢᠭᠤᠯᠬᠤ ᠰᠢᠰᠲ᠋ᠧᠮ ᠰᠢᠨ᠎ᠡ ᠪᠠᠷ ᠨᠡᠮᠡᠬᠦ᠂ ᠬᠤᠪᠢᠷᠠᠭᠠᠬᠤ ᠳᠤ᠂ ᠤᠤᠯ ᠤᠨ ᠦᠨᠡᠮᠯᠡᠯ ᠤᠯᠭᠤᠭᠰᠠᠨ ᠪᠠᠶᠢᠭᠤᠯᠭ᠎ᠠ ᠪᠠᠷ ᠬᠢᠨᠠᠨ ᠪᠠᠶᠢᠴᠠᠭᠠᠯᠭᠠᠬᠤ ᠬᠡᠷᠡᠭᠲᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002984号-1